摘要 |
ᠲᠤᠰ ᠦᠭᠦᠯᠡᠯ ᠳᠦ ᠮᠣᠩ᠋ᠭᠤᠯ ᠬᠡᠯᠡᠨ ᠦ ᠰᠤᠯᠠ ᠦᠭᠡ ᠶᠢᠨ ᠤᠳᠬ᠎ᠠ ᠦᠢᠯᠡᠳᠦᠯ ᠢ ᠨᠠᠢ᠌ᠷᠠᠭᠤᠯᠭ᠎ᠠ ᠵᠦᠢ ᠶᠢᠨ ᠵᠤᠭᠰᠤᠴᠠ ᠠᠴᠠ ᠲᠤᠳᠤᠷᠬᠠᠢ᠌ᠯᠠᠬᠤ ᠪᠠᠷ ᠵᠤᠷᠢᠵᠠᠢ᠃ ᠶᠠᠭᠤᠨ ᠤ ᠡᠮᠦᠨ᠎ᠡ᠂ ᠮᠣᠩ᠋ᠭᠤᠯ ᠬᠡᠯᠡᠨ ᠦ ᠰᠤᠯᠠ ᠦᠭᠡ ᠶᠢᠨ ᠨᠡᠷᠡᠢ᠌ᠳᠦᠯ ᠪᠡ ᠤᠬᠠᠭᠳᠠᠬᠤᠨ ᠤ ᠲᠤᠬᠠᠢ ᠲᠤᠪᠴᠢᠬᠠᠨ ᠳᠤᠷᠠᠳᠬᠤ ᠶᠢᠨ ᠳᠠᠭᠠᠤ ᠰᠤᠯᠠ ᠦᠭᠡ ᠨᠢ ᠬᠡᠯᠡᠨ ᠦ ᠵᠦᠢ ᠶᠢᠨ ᠤᠳᠬ᠎ᠠ ᠢᠯᠡᠳᠭᠡᠬᠦ ᠪᠤᠰᠤᠳ ᠦᠭᠡ ᠪᠡ ᠨᠦᠬᠦᠴᠡᠯ ᠦᠳ ᠡᠴᠡ ᠦᠪᠡᠷᠮᠢᠴᠡ ᠪᠠᠢ᠌ᠳᠠᠭ ᠣᠨᠴᠠᠯᠢᠭ ᠢ ᠢᠯᠭᠠᠨ ᠲᠤᠳᠤᠯᠠᠵᠤ᠂ ᠨᠠᠢ᠌ᠷᠠᠭᠤᠯᠭ᠎ᠠ ᠶᠢᠨ ᠠᠵᠢᠯᠯᠠᠭᠠᠨ ᠳᠤ ᠣᠷᠤᠯᠴᠠᠬᠤ ᠴᠢᠯᠦᠭᠡᠲᠦ ᠪᠠᠢ᠌ᠳᠠᠯ ᠢ ᠲᠤᠳᠤᠷᠬᠠᠢ᠌ᠯᠠᠨ ᠦᠭᠦᠯᠡᠵᠡᠢ᠃ ᠳᠠᠷᠠᠭ᠎ᠠ ᠨᠢ ᠰᠤᠯᠠ ᠦᠭᠡ ᠶᠢᠨ ᠨᠠᠢ᠌ᠷᠠᠭᠤᠯᠭ᠎ᠠ ᠶᠢᠨ ᠴᠢᠳᠠᠮᠵᠢ ᠶᠢ ᠳᠦᠷᠪᠡᠨ ᠲᠠᠯ᠎ᠠ ᠪᠠᠷ ᠶᠡᠷᠦᠩᠬᠡᠢ᠌ᠯᠡᠨ ᠶᠠᠷᠢᠵᠤ᠂ ᠰᠤᠯᠠ ᠦᠭᠡ ᠶᠢᠨ ᠪᠦᠷᠢᠨ ᠤᠳᠬ᠎ᠠ ᠶᠢ ᠲᠤᠳᠤᠷᠠᠭᠤᠯᠬᠤ ᠭᠡᠪᠡᠯ ᠨᠠᠢ᠌ᠷᠠᠭᠤᠯᠭ᠎ᠠ ᠵᠦᠢ ᠶᠢᠨ ᠲᠠᠯ᠎ᠠ ᠶᠢ ᠶᠠᠭᠠᠬᠢᠭᠰᠠᠨ ᠴᠤ ᠤᠮᠳᠤᠭᠠᠢ᠌ᠯᠠᠵᠤ ᠪᠤᠯᠬᠤ ᠦᠭᠡᠢ ᠤᠴᠢᠷ ᠢ ᠵᠢᠱᠢᠶᠡᠯᠡᠨ ᠨᠤᠲᠠᠯᠠᠵᠠᠢ᠃ |