题名 |
ᠮᠣᠩᠭᠣᠯ ᠬᠡᠯᠡᠨ ᠦ ᠨᠡᠷ ᠠ ᠦᠬᠡ ᠶᠢᠨ ᠤᠷᠤᠨ ᠵᠠᠢ ᠶᠢᠨ ᠤᠳᠬ᠎ᠠ ᠶᠢᠨ ᠪᠠᠢ᠌ᠢᠳᠠᠯ |
作者 |
ᠵᠠ᠂ ᠪᠠᠲᠤᠭᠡᠷᠡᠯ |
关键词 |
ᠪᠤᠳᠠᠳᠤ ᠪᠡᠶ ᠠ; ᠦᠭᠦᠯᠡᠪᠦᠷᠢ ᠶᠢᠨ ᠪᠦᠳᠦᠴᠡ; ᠳᠠᠷᠬᠠᠮᠠᠳᠠᠭᠠᠢ ᠰᠢᠨᠵᠢ; ᠤᠷᠤᠨ ᠵᠠᠢ ᠶᠢᠨ ᠤᠳᠬ᠎ᠠ |
摘要 |
ᠤᠷᠤᠨ ᠵᠠᠢ ᠶᠢᠨ ᠤᠳᠬᠠᠪᠤᠯ ᠨᠡᠷ ᠠ ᠦᠬᠡ ᠶᠢᠨ ᠴᠢᠬᠤᠯᠠ ᠤᠨᠴᠠᠯᠢᠭ ᠮᠦᠨ᠃ ᠮᠦᠨ ᠴᠤ ᠨᠠᠷ ᠠ ᠦᠬᠡ ᠶᠢᠨ ᠤᠷᠤᠰᠢᠬᠤ ᠦᠨᠳᠦᠰᠦᠨ ᠡᠯᠸᠮᠸᠨ᠋ᠲ ᠨᠢ ᠪᠤᠯᠬᠤ ᠶᠤᠮ᠃ ᠨᠡᠷ ᠠ ᠦᠬᠡ ᠨᠢ ᠬᠡᠳᠦᠢ᠌ᠪᠡᠷ ᠶᠠᠮᠠᠷ ᠨᠢᠭᠡᠨ ᠪᠤᠳᠠᠳᠤ ᠪᠡᠶ ᠠ ᠶᠢ ᠨᠡᠷᠡᠯᠡᠨ ᠵᠢᠭᠠᠳᠠᠭ ᠪᠤᠯᠪᠠᠴᠤ ᠳᠡᠭᠦᠨ ᠦ ᠢᠯᠡᠳᠬᠡᠬᠦ ᠤᠷᠤᠨ ᠵᠠᠢ ᠶᠢᠨ ᠤᠳᠬ᠎ᠠ ᠨᠢ ᠪᠦᠷ ᠠᠳᠠᠯᠢ ᠦᠭᠡᠢ ᠪᠠᠢ᠌ᠳᠠᠭᠶᠤᠮ᠃ ᠲᠤᠬᠠᠢ᠌ᠯᠠᠪᠠᠯ᠂ ᠨᠡᠷ ᠠ ᠦᠬᠡ ᠨᠢ ᠦᠭᠦᠯᠡᠭᠳᠡᠭᠦᠨ ᠪᠠ ᠲᠤᠰᠤᠭᠳᠠᠬᠤᠨ ᠦ ᠪᠠᠢ᠌ᠷᠢᠰᠢᠯ ᠳᠡᠭᠡᠷ ᠠ ᠢᠯᠡᠷᠡᠬᠦ ᠳ᠋ᠡᠭᠡᠨ᠂ ᠬᠠᠷᠢᠴᠠᠩᠭᠤᠢ ᠰᠤᠯᠠ ᠰᠢᠭ ᠪᠤᠯᠬᠤ ᠪᠤᠶᠤ᠂ ᠨᠡᠩ ᠦᠭᠦᠯᠡᠭᠦᠨ᠂ ᠪᠠᠢ᠌ᠴᠠ ᠬᠡᠰᠢᠭᠦᠨ ᠳᠡᠭᠡᠷ ᠠ ᠢᠯᠡᠷᠡᠬᠦ ᠳᠡᠭᠡᠨ᠂ ᠤᠷᠤᠨ ᠵᠠᠢ ᠶᠢᠨ ᠤᠳᠬ ᠠ ᠨᠢ ᠪᠦᠷ ᠪᠠᠯᠠᠷᠬᠠᠢ ᠪᠤᠯᠬᠤ ᠦᠵᠡᠭᠳᠡᠯ ᠪᠤᠢ᠃ ᠨᠡᠷ ᠠ ᠦᠬᠡ ᠶᠢᠨ ᠤᠷᠤᠨ ᠵᠠᠢ ᠶᠢᠨ ᠤᠳᠬ ᠠ ᠨᠢ ᠦᠨᠡᠨ ᠳᠡᠭᠡᠨ᠂ ᠤᠭ ᠰᠢᠨᠵᠢ ᠶᠢᠨ ᠬᠤᠪᠢ ᠳᠤ᠂ ᠨᠡᠷ ᠠ ᠦᠬᠡ ᠶᠢᠨ ᠤᠳᠬ ᠠ ᠶᠢᠨ ᠤᠨᠴᠠᠯᠢᠭ ᠲᠠᠢ ᠬᠤᠯᠪᠤᠭᠳᠠᠬᠤ ᠶᠤᠮ᠃ ᠡᠭᠦᠨ ᠳᠤ ᠤᠷᠤᠨ ᠵᠠᠢ ᠶᠢᠨ ᠤᠳᠬ᠎ᠠ ᠪᠡᠨ ᠠᠯᠳᠠᠵᠤ ᠪᠠᠢ᠌ᠭ᠎ᠠ ᠨᠢ ᠂ ᠦᠨᠡᠨ ᠳᠡᠬᠡᠨ᠂ ᠤᠭ ᠤᠳᠬ ᠠ ᠪᠤᠶᠤ ᠬᠡᠯᠡ ᠵᠦᠢ ᠶᠢᠨ ᠤᠨᠴᠠᠯᠢᠭ ᠶᠢᠨᠨ ᠠᠯᠳᠠᠵᠤ ᠪᠠᠢ᠌ᠭ᠎ᠠ ᠭᠡᠷᠡᠭ ᠪᠤᠯᠬᠤ ᠶᠤᠮ᠃ ᠪᠢᠳᠡ ᠬᠡᠷᠪᠡ ᠨᠡᠷ ᠠ ᠦᠬᠡ ᠶᠢ ᠳᠡᠭᠦᠨ ᠦ ᠴᠠᠭ ᠤᠨ ᠤᠳᠬ ᠠ ᠬᠢᠭᠡᠳ ᠤᠷᠤᠨ ᠵᠠᠢ ᠶᠢᠨ ᠤᠳᠬ ᠠ ᠶᠢᠨ ᠡᠰᠡᠷᠭᠦᠴᠯᠳᠦᠯ ᠬᠠᠷᠢᠴᠠᠭᠠᠨ ᠳᠡᠭᠡᠷ ᠠ ᠨᠠᠷᠢᠨ ᠲᠤᠳᠤᠷᠬᠠᠢ ᠤᠢ᠌ᠯᠠᠭᠠᠪᠠᠯ᠂ ᠨᠡᠷ ᠡ ᠦᠬᠡ ᠶᠢᠨ ᠬᠡᠯᠡᠨ ᠵᠦᠢ ᠶᠢᠨ ᠪᠦᠳᠦᠴᠡ ᠳᠡᠬᠢ ᠤᠯᠠᠨ ᠠᠷᠪᠢᠨ ᠠᠰᠠᠭᠤᠳᠠᠯ ᠢ ᠲᠤᠳᠤᠷᠬᠠᠢ᠌ᠯᠠᠬᠤ ᠪᠤᠯᠤᠮᠵᠢ ᠲᠠᠢ ᠪᠤᠯᠬᠤ ᠶᠤᠮ᠃ |
原文 |
查看原文
|
出自 |
内蒙古大学学报
2006年
第1期
|