论文信息


题名 《ᠮᠣᠩᠭᠣᠯ ᠤᠨ ᠨᠢᠭᠤᠴᠠ ᠲᠤᠪᠴᠢᠶᠠᠨ》᠋ ᠤ 18᠋ ᠳᠤᠭᠠᠷ ᠪᠠᠳᠠᠭ ᠲᠠᠬᠢ 《ᠡᠨᠡ ᠡᠬᠡ ᠪᠢᠳᠡᠨ ᠦ》ᠭᠡᠰᠡᠨ ᠦ ᠤᠴᠢᠷ
作者 ᠾᠡᠰᠦ᠌ᠮᠢ ᠾᠢᠷᠤᠸᠤ (ᠶᠠᠫᠤᠨ ᠤᠯᠤᠰ)
关键词 《ᠮᠣᠩᠭᠣᠯ ᠤᠨ ᠨᠢᠭᠤᠴᠠ ᠲᠤᠪᠴᠢᠶᠠᠨ》; 《ᠪᠠ》; 《ᠪᠢᠳᠡᠨ ᠤ》; ᠦᠪᠡᠷ; ᠪᠤᠰᠤᠳ; ᠢᠯᠭᠠᠬᠤ; ᠰᠡᠳᠬᠢᠭᠦᠢ
摘要 ᠲᠤᠰ ᠦᠭᠦᠯᠡᠯ ᠳᠦ 《ᠮᠣᠩᠭᠣᠯ ᠤᠨ ᠨᠢᠭᠤᠴᠠ ᠲᠤᠪᠴᠢᠶᠠᠨ》᠋ ᠤ 18᠋ ᠳᠤᠭᠠᠷ ᠪᠠᠳᠠᠭ ᠲᠤ ᠦᠭᠦᠯᠡᠵᠦ ᠪᠠᠶᠢᠬᠤ 《ᠡᠨᠡ ᠡᠬᠡ ᠪᠢᠳᠡᠨ ᠦ ᠠᠬ᠎ᠠ ᠳᠡᠭᠦᠦ ᠦᠶ᠎ᠡ ᠶᠢᠨ ᠬᠠᠶᠠ ᠬᠦᠮᠦᠨ ᠦᠭᠡᠢ᠂ ᠡᠷ᠎ᠡ ᠦᠭᠡᠢ ᠪᠦᠬᠡᠳᠡᠯ᠎ᠡ᠂ ᠡᠳᠡ ᠭᠤᠷᠪᠠᠨ ᠬᠦᠪᠡᠭᠦᠳ ᠲᠦᠷᠦᠭᠦᠯᠪᠡᠢ ᠁》ᠭᠡᠰᠡᠨ ᠦᠭᠦᠯᠡᠪᠦᠷᠢ ᠳᠡᠬᠢ 《ᠪᠢᠳᠡᠨ》᠋ ᠦ ᠭᠡᠰᠡᠨ ᠲᠦᠯᠦᠭᠡᠨ ᠦ ᠦᠭᠡ ᠶᠢᠨ ᠬᠡᠷᠡᠭᠯᠡᠭᠰᠡᠨ ᠤᠳᠬ᠎ᠠ ᠶᠢ ᠰᠤᠳᠤᠯᠤᠨ ᠲᠤᠳᠤᠷᠬᠠᠶᠢᠯᠠᠬᠤ ᠪᠠᠷ ᠵᠤᠷᠢᠯᠭ᠎ᠠ ᠪᠤᠯᠭᠠᠵᠤ᠂ ᠳᠤᠮᠳᠠᠳᠤ ᠵᠠᠭᠤᠨ ᠤ ᠦᠶ᠎ᠡ ᠶᠢᠨ ᠮᠣᠨᠭᠣᠯ ᠬᠡᠯᠡᠨ ᠳᠦ ᠬᠡᠷᠡᠭᠯᠡᠭᠳᠡᠵᠦ ᠪᠠᠶᠢᠭᠰᠠᠨᠨ ᠨᠢᠭᠡᠳᠦᠭᠡᠷ ᠪᠡᠶ᠎ᠡ ᠶᠢᠨ ᠲᠦᠯᠦᠭᠡᠨ ᠦ ᠦᠭᠡ ᠶᠢᠨ ᠣᠯᠠᠨ ᠲᠤᠭᠠᠨ ᠤ ᠬᠡᠯᠪᠡᠷᠢ 《ᠪᠡ》ᠬᠢᠭᠡᠳ 《ᠪᠢᠳᠡᠨ ᠦ》ᠭᠡᠳᠡᠭ ᠬᠤᠶᠠᠷ ᠦᠭᠡ ᠶᠢ ᠬᠠᠷᠢᠴᠠᠭᠤᠯᠤᠨ ᠰᠢᠨᠵᠢᠭᠡᠳ 《ᠪᠡ》ᠭᠡᠳᠡᠭ ᠨᠢ ᠦᠪᠡᠷ ᠦᠨ ᠲᠠᠯ᠎ᠠ ᠶᠢᠨ ᠬᠢᠨ ᠢ ᠵᠢᠭᠠᠵᠤ᠂ 《ᠪᠢᠳᠡᠨ ᠦ》ᠭᠡᠳᠡᠭ ᠨᠢ ᠦᠪᠡᠷ ᠦᠨ ᠲᠠᠯ᠎ᠠ ᠪᠤᠯᠤᠨ ᠥᠭᠡᠷ᠎ᠡ ᠪᠤᠰᠤᠳ ᠢ ᠪᠦᠬᠦᠳᠡ ᠶᠢ ᠪᠠᠭᠲᠠᠭᠠᠵᠤ ᠪᠠᠶᠢᠨ᠎ᠠ ᠭᠡᠵᠦ ᠦᠵᠡᠭᠰᠡᠨ ᠪᠦᠭᠡᠳ ᠡᠭᠦᠨ ᠦ ᠤᠯᠠᠮ ᠠᠴᠠ ᠲᠤᠪᠤ ᠮᠡᠷᠭᠡᠨ ᠡᠴᠡ ᠭᠠᠷᠤᠭᠰᠠᠨ ᠪᠡᠯᠭᠦᠨᠦᠲᠡᠢ᠂ ᠪᠦᠬᠦᠨᠦᠲᠡᠢ ᠬᠤᠶᠠᠷ ᠬᠦᠦ ᠨᠢ ᠡᠬᠡ ᠨᠢᠭᠡ ᠡᠴᠢᠬᠡ ᠦᠭᠡᠷ᠎ᠡ ᠭᠤᠷᠪᠠᠨ ᠳᠡᠭᠦᠦ ᠪᠡᠨ ᠭᠠᠳᠠᠭᠤᠷᠬᠠᠵᠤ ᠢᠯᠭᠠᠵᠤ ᠦᠵᠡᠭᠰᠡᠨ ᠡᠴᠡ 《ᠪᠢᠳᠡᠨ ᠦ》ᠭᠡᠰᠡᠨ ᠦᠭᠡ ᠶᠢ ᠬᠡᠷᠡᠭᠯᠡᠭᠰᠡᠨ ᠪᠡ 《ᠮᠣᠩᠭᠣᠯ ᠤᠨ ᠨᠢᠭᠤᠴᠠ ᠲᠤᠪᠴᠢᠶᠠᠨ》᠋ ᠳᠤ ᠲᠤᠭᠤᠰᠢᠲᠠᠢ ᠬᠡᠷᠡᠭᠯᠡᠭᠳᠡᠵᠦ ᠪᠠᠶᠢᠬᠤ 《ᠪᠠ》ᠬᠢᠭᠡᠳ 《ᠪᠢᠳᠡᠨ ᠤ》ᠭᠡᠬᠦ ᠬᠤᠶᠠᠷ ᠦᠭᠡ ᠳᠦ ᠳᠤᠲᠤᠭᠠᠳᠤ ᠭᠠᠳᠠᠭᠠᠳᠤ ᠶᠢ ᠢᠯᠭᠠᠬᠤ᠂ ᠦᠪᠡᠷ ᠪᠡ ᠪᠤᠰᠤᠳ ᠢ ᠢᠯᠭᠠᠬᠤ ᠠᠯᠲᠠᠨ ᠤᠷᠤᠭᠲᠠᠨ ᠤ ᠯᠤᠭᠢᠭ ᠰᠡᠳᠬᠢᠭᠦᠢ ᠶᠢᠨ ᠣᠨᠴᠠᠯᠢᠭ ᠤᠨ ᠤᠯᠠ ᠮᠦᠷ ᠪᠠᠶᠢᠨ᠎ᠠ ᠭᠡᠵᠦ ᠦᠵᠡᠪᠡ᠃
原文 查看原文
出自 蒙古学研究 2005年 第3期

联系我们


内蒙古大学图书馆
呼和浩特市大学西路235号
中国·内蒙古
P: (0471) 4992561
E: huangfeilong@imu.edu.cn