摘要 |
ᠨᠠᠢᠮᠠᠨᠴᠤᠤᠨ ᠠᠳᠠᠯᠢ ᠪᠤᠰᠤ ᠤᠷᠤᠨ ᠨᠤᠳᠤᠭ ᠤᠨ ᠵᠠᠬᠢᠷᠭᠠᠨ ᠳᠤ ᠬᠠᠮᠢᠶᠠᠷᠤᠭᠳᠠᠵᠤ ᠪᠠᠢ᠌ᠭᠰᠠᠨ ᠲᠡᠦᠬᠡ ᠶᠢᠨ ᠨᠠᠷᠢᠨ ᠪᠤᠳᠤᠯᠢᠶᠠᠨᠨᠳᠤ ᠶᠠᠪᠤᠴᠠ ᠨᠢ ᠬᠡᠯᠡᠨ ᠳᠤ ᠲᠤᠰᠬᠠᠭᠳᠠᠵᠤ ᠂ ᠨᠠᠢᠮᠠᠨ ᠬᠤᠰᠢᠭᠤᠨ ᠦ ᠠᠷᠠᠳ ᠲᠦᠮᠡᠨ ᠦ ᠬᠡᠯᠡ ᠶᠠᠷᠢᠶᠠᠨ ᠳᠤ ᠵᠤᠬᠢᠬᠤ ᠨᠦᠯᠦᠭᠡ ᠲᠤᠰᠬᠠᠯ ᠦᠵᠡᠭᠦᠯᠵᠡᠢ᠃ ᠡᠢ᠌ᠮᠦ ᠤᠴᠢᠷ ᠡᠴᠡ ᠨᠠᠢᠮᠠᠨ ᠠᠮᠠᠨ ᠠᠶᠠᠯᠭᠤᠳᠠᠨ ᠬᠡᠮᠡᠬᠦ ᠪᠡᠶ ᠡ ᠳᠠᠭᠠᠭᠠᠭᠰᠠᠨ ᠪᠦᠷᠢᠯᠳᠦᠭᠦᠨ ᠪᠤᠢ ᠪᠤᠯᠵᠠᠢ᠃ ᠨᠠᠢᠮᠠᠨ ᠠᠶᠠᠯᠭᠤ ᠨᠢ ᠲᠤᠰᠭᠠᠷ ᠨᠢᠭᠡ ᠠᠮᠠᠨ ᠠᠶᠠᠯᠭᠤ ᠪᠤᠯᠤᠭᠰᠠᠨ ᠦ ᠬᠤᠪᠢ ᠳᠤ ᠠᠪᠢᠶ ᠠ ᠵᠦᠢ ᠂ ᠬᠡᠯᠡ ᠵᠦᠢ ᠂ ᠦᠭᠡᠰ ᠤᠨ ᠰᠠᠩ ᠤᠨ ᠵᠦᠢ ᠶᠢᠨ ᠲᠠᠯ ᠠ ᠪᠠᠷ ᠥᠪᠡᠷᠮᠢᠴᠡ ᠤᠨᠴᠠᠯᠢᠭ ᠲᠠᠢ ᠪᠠᠢ᠌ᠳᠠᠭ᠃ ᠡᠭᠦᠨ ᠳᠤ (1)ᠡᠷᠳᠡᠨ ᠦ ᠮᠣᠩᠭᠣᠯ ᠬᠡᠯᠡᠨ ᠦ ᠦᠭᠡ ᠲᠠᠢ ᠤᠳᠬ᠎ᠠ ᠬᠡᠯᠪᠠᠷᠢ ᠪᠠᠷ ᠶᠢᠨᠨ ᠪᠦᠷᠢᠮᠦᠰᠦᠨ ᠲᠤᠬᠢᠷᠠᠯᠴᠠᠬᠤ᠂(2)ᠡᠷᠳᠡᠨ ᠦ ᠮᠣᠩᠭᠣᠯ ᠬᠡᠯᠡᠨ ᠦ ᠦᠭᠡ ᠲᠠᠢ ᠬᠡᠯᠪᠡᠷᠢ ᠪᠠᠷ ᠶᠢᠨᠨ ᠲᠤᠬᠢᠷᠠᠯᠴᠠᠪᠠᠴᠤ ᠤᠳᠬ᠎ᠠ ᠨᠢ ᠵᠦᠷᠢᠬᠦ ᠡᠰᠡᠪᠡᠯ ᠤᠳᠬ᠎ᠠ ᠪᠠᠷ ᠶᠢᠨᠨ ᠲᠤᠬᠢᠷᠠᠯᠴᠠᠪᠠᠴᠤ ᠬᠡᠯᠪᠡᠷᠢ ᠨᠢ ᠵᠦᠷᠢᠬᠦ ᠬᠡᠬᠦ ᠬᠤᠶᠠᠷ ᠲᠠᠯ ᠠ ᠡᠴᠡ ᠰᠢᠨᠵᠢᠯᠡᠵᠦ ᠪᠤᠯᠤᠨ᠎ᠠ᠃ |