摘要 |
ᠨᠤᠲᠤᠭ ᠠᠮᠠᠷᠠᠭ ᠤᠨ ᠰᠢᠯᠦᠭᠪᠢᠴᠢᠭᠡ ᠦᠭᠡᠢ ᠮᠣᠩᠭᠤᠯ ᠰᠢᠯᠦᠭᠴᠢ ᠪᠠᠷᠤᠭ ᠪᠠᠢᠬᠤ ᠦᠭᠡᠢ ᠪᠣᠯᠪᠠᠴᠤ ᠭᠠᠭᠴᠠᠬᠠᠨ ᠨᠤᠲᠤᠭ ᠠᠮᠠᠷᠠᠭ ᠤᠨ ᠰᠡᠳᠦᠪ ᠢᠢᠡᠷ ᠬᠤᠶᠠᠷ ᠰᠢᠯᠦᠭ ᠤᠨ ᠲᠡᠭᠦᠪᠦᠷᠢ ᠭᠡᠪᠯᠡᠭᠦᠯᠦᠭᠰᠡᠨ ᠨᠢ ᠮᠣᠩᠭᠤᠯ ᠢᠷᠠᠭᠤ ᠨᠠᠢᠷᠠᠭᠴᠢᠳ ᠤᠨ ᠲᠤᠮᠳᠠ ᠬᠤᠪᠤᠷᠬᠠᠨ ᠪᠠᠢᠬᠤ ᠨᠢ ᠭᠠᠷᠴᠠᠭ᠎ᠠ ᠦᠭᠡᠢ ᠳ᠋ᠡ᠃ ᠬᠤᠲᠠ ᠲᠦᠭᠦᠷᠡᠩ《ᠶᠢᠦ ᠮᠢᠶᠠᠨ ᠳ᠋ᠠ ᠸᠠᠩ》 ᠭᠡᠲᠡᠯ ᠠ 《ᠮᠣᠩᠭᠤᠯ ᠤᠨ ᠠᠮᠲᠠᠲᠤ ᠢᠳᠡᠭᠡᠨ ᠤ ᠳ᠋ᠠ ᠸᠠᠩ 》ᠭᠡᠳ ᠯᠠ ᠭᠠᠷᠴᠦ ᠯᠡ ᠪᠤᠢ᠂ ᠮᠢᠨᠦ ᠦᠵᠡᠬᠦ ᠪᠡᠷ ᠲᠤ•ᠲᠡᠯᠭᠡᠷᠰᠠᠩ ᠢ 《ᠨᠤᠲᠤᠭ ᠠᠮᠠᠷᠠᠭ ᠤᠨ ᠰᠢᠯᠦᠭ ᠤᠨ ᠳ᠋ᠠ ᠸᠠᠩ》ᠭᠡᠵᠦ ᠡᠷᠬᠦᠮᠵᠢᠯᠡᠵᠦ ᠪᠣᠯᠤᠮᠠᠷ᠃ ᠪᠢᠲᠡ ᠴᠦᠮ ᠰᠤᠷᠤᠭᠴᠢ ᠪᠠᠢᠬᠤ ᠦᠶ ᠠ ᠡᠴᠡ ᠪᠠᠨ ᠠᠪᠤᠭᠠᠳ ᠰᠢᠯᠦᠭ ᠲᠤ ᠴᠢᠳᠭᠦᠷ ᠨᠠᠭᠠᠯᠳᠤᠭᠰᠠᠨ ᠶᠤᠮᠰᠢᠭ ᠤᠷᠮ ᠠ ᠪᠠᠬ ᠠ ᠲᠠᠢ ᠪᠠᠢᠵᠤ ᠪᠠᠢᠭᠰᠠᠨ ᠪᠣᠯᠪᠠᠴᠤ ᠲᠡᠯᠭᠡᠷᠰᠠᠩ ᠠᠳᠠᠯᠢ ᠭᠤᠴᠢ ᠭᠠᠷᠤᠢ ᠵᠢᠯ ᠤᠨ ᠲᠤᠷᠰᠢ ᠰᠢᠯᠦᠭ ᠤᠨ ᠪᠢᠷ ᠢᠢᠡᠨ ᠡᠷᠴᠢᠯᠠᠨ ᠡᠷᠴᠢᠯᠡᠭᠰᠡᠭᠡᠷ ᠦᠨᠦᠳᠦᠷ ᠤᠨ ᠮᠡᠳᠦ ᠠᠮᠵᠢᠯᠲᠠ ᠤᠯᠵᠤ ᠤᠷᠤᠯᠳᠤᠯᠭ᠎ᠠ ᠲᠠᠢ ᠲᠷᠪᠢᠯᠢᠭ ᠰᠢᠯᠦᠭᠴᠢ ᠪᠣᠯᠵᠤ《ᠡᠮᠨᠡᠭ ᠰᠢᠯᠦᠭ ᠲᠦ ᠠᠰᠠᠭᠤᠯ ᠦᠭᠡᠢ ᠡᠮᠡᠭᠡᠯ ᠲᠠᠷᠤᠭᠠᠳ᠂ᠡᠩ ᠲᠡᠯᠡᠬᠡᠢ ᠪᠡᠷ ᠬᠦᠨᠳᠡᠯᠡᠨ ᠢᠰᠭᠡᠷᠴᠦ ᠲᠠᠪᠬᠢᠭᠠᠳ》《ᠬᠤᠤᠰ ᠦᠭᠡᠢ ᠡᠷᠬᠢᠮ ᠮᠣᠩᠭᠤᠯ ᠰᠣᠶᠣᠯ ᠤᠨ ᠬᠠᠭᠤᠳᠠᠰᠤᠨ ᠲᠡᠭᠡᠷ ᠡ ᠬᠤᠲᠠᠯᠠ ᠳ᠋ᠤ ᠲᠠᠭᠠᠰᠢᠶᠠᠭᠳᠠᠭᠰᠠᠨ ᠢᠷᠠᠭᠤ ᠪᠠᠳᠠᠭ ᠪᠳ ᠢ ᠤᠷᠤᠵᠤ》ᠪᠠᠢᠭ᠎ᠠ ᠬᠦᠮᠦᠰ ᠴᠦᠬᠡᠨ᠃ |