题名 |
ᠶᠡᠬᠡ ᠨᠠᠭᠤᠷ ᠤᠨ ᠬᠤᠲᠤᠭᠤᠷ ᠤᠨ ᠭᠠᠵᠠᠷ ᠤᠨ ᠭᠠᠳᠠᠷᠭᠤ ᠶᠢᠨ ᠬᠡᠯᠪᠡᠷᠢ ᠶᠢᠨ ᠡᠭᠦᠰᠦᠯ |
作者 |
ᠤᠯᠠᠮᠪᠠᠳᠠᠷᠠᠬᠤ; ᠰᠡᠴᠡᠨᠪᠢᠯᠢᠭ |
关键词 |
ᠶᠡᠬᠡ ᠨᠠᠭᠤᠷ ᠤᠨ ᠬᠤᠲᠤᠭᠤᠷ; ᠭᠠᠵᠠᠷ ᠤᠨ ᠭᠠᠳᠠᠷᠭᠤ ᠶᠢᠨ ᠬᠡᠯᠪᠡᠷᠢ ᠳᠦᠷᠰᠦ; ᠮᠦᠰᠦᠳᠦᠯᠭᠡ ᠶᠢᠨ ᠦᠢᠯᠡᠴᠢᠯᠡᠭᠡ |
摘要 |
ᠦᠷᠭᠡᠨ ᠬᠡᠪᠴᠢᠶᠡᠨ ᠦ ᠬᠡᠭᠡᠷ᠎ᠡ ᠶᠢᠨ ᠰᠢᠨᠵᠢᠯᠡᠯᠲᠡ ᠪᠡᠷ ᠳᠠᠮᠵᠢᠨ᠂ ᠰᠤᠳᠤᠯᠬᠤ ᠭᠠᠵᠠᠷ ᠤᠨ ᠬᠢᠮᠠᠯ ᠳᠠᠭᠠᠭᠤᠯᠢ ᠣᠳᠤᠨ ᠵᠢᠷᠤᠭ ᠲᠠᠢ ᠤᠶᠠᠯᠳᠤᠭᠤᠯᠵᠤ᠂ ᠡᠮᠦᠨᠡᠬᠢ ᠬᠦᠮᠦᠰ ᠦᠨ ᠰᠤᠳᠤᠯᠭᠠᠨ ᠤ ᠦᠷ᠎ᠡ ᠪᠦᠲᠦᠭᠡᠯ ᠦᠨ ᠰᠠᠭᠤᠷᠢᠨ ᠳᠡᠭᠡᠷ᠎ᠡ᠂ ᠮᠦᠰᠦᠳᠦᠯᠭᠡ ᠶᠢᠨ ᠦᠢᠯᠡᠴᠢᠯᠡᠭᠡ ᠨᠢ ᠶᠡᠬᠡ ᠨᠠᠭᠤᠷ ᠤᠨ ᠬᠤᠲᠤᠭᠤᠷ ᠤᠨ ᠭᠠᠵᠠᠷ ᠤᠨ ᠭᠠᠳᠠᠷᠭᠤ ᠶᠢᠨ ᠬᠡᠯᠪᠡᠷᠢ ᠳᠦᠷᠰᠦ ᠶᠢᠨ ᠡᠭᠦᠰᠦᠯ ᠦᠨ ᠲᠡᠷᠢᠭᠦᠨ ᠴᠢᠬᠤᠯᠠ ᠡᠯᠧᠮᠧᠨ᠋ᠲ ᠭᠡᠳᠡᠭ ᠢ ᠮᠡᠳᠡᠵᠡᠢ᠃ ᠮᠦᠰᠦᠳᠦᠯᠭᠡ ᠶᠢᠨ ᠡᠴᠦᠰ ᠦᠨ ᠬᠤᠭᠤᠴᠠᠭᠠᠨ ᠳᠤ ᠯᠤᠳᠤ ᠶᠡᠬᠡ ᠮᠦᠰᠦᠳᠦᠯᠭᠡ ᠶᠢᠨ ᠢᠳᠡᠭᠳᠡᠯ ᠪᠡ ᠦᠷᠦᠭᠳᠡᠯ ᠦᠨ ᠦᠢᠯᠡᠴᠢᠯᠡᠯ ᠳᠤᠤᠷ᠎ᠠ ᠶᠡᠬᠡ ᠨᠠᠭᠤᠷ ᠤᠨ ᠬᠤᠲᠤᠭᠤᠷ ᠪᠤᠢ ᠪᠤᠯᠵᠠᠢ᠃ ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ ᠮᠦᠰᠦᠳᠦᠯᠭᠡ ᠢᠳᠡᠭᠳᠡᠨ ᠰᠢᠯᠵᠢᠵᠦ᠂ ᠬᠤᠲᠤᠭᠤᠷ ᠤᠨ ᠬᠡᠪᠴᠢᠶᠡᠨ ᠳᠦ ᠮᠦᠰᠦᠳᠦᠯᠭᠡ ᠶᠢᠨ ᠳᠤᠪᠤᠷᠴᠠᠭ᠂ ᠮᠦᠰᠦᠳᠦᠯᠭᠡ ᠶᠢᠨ ᠡᠷᠭᠦᠭᠳᠡᠴᠡ ᠭᠠᠵᠠᠷ᠂ ᠪᠠᠯ ᠤᠨ ᠲᠠᠯ᠎ᠠ ᠭᠠᠵᠠᠷ᠂ ᠠᠷᠠᠯ ᠤᠨ ᠠᠭᠤᠯᠠ ᠪᠤᠯᠤᠨ ᠳᠤᠯᠤᠭᠠᠳ ᠵᠡᠷᠭᠡ ᠮᠦᠰᠦᠳᠦᠯᠭᠡ ᠶᠢᠨ ᠭᠠᠵᠠᠷ ᠤᠨ ᠭᠠᠳᠠᠷᠭᠤ ᠡᠭᠦᠰᠴᠡᠢ᠃ ᠡᠭᠦᠨ ᠦ ᠬᠠᠮᠲᠤ ᠮᠦᠰᠦᠳᠦᠯᠭᠡ ᠶᠢᠨ ᠬᠠᠢᠯᠤᠮᠠᠯ ᠤᠰᠤ ᠨᠢ ᠬᠤᠲᠤᠭᠤᠷ ᠤᠨ ᠲᠦᠪ ᠲᠦ ᠴᠤᠭᠯᠠᠷᠠᠨ ᠬᠡᠯᠬᠢᠭᠰᠡᠨ ᠰᠤᠪᠤᠳ ᠰᠢᠭ ᠲᠠᠷᠬᠠᠯᠲᠠ ᠶᠢᠨ ᠬᠡᠯᠪᠡᠷᠢ ᠲᠡᠢ ᠨᠠᠭᠤᠷ ᠤᠳ ᠢ ᠪᠤᠢ ᠪᠤᠯᠭᠠᠵᠠᠢ᠃ |
原文 |
没有原文
|
出自 |
内蒙古师范大学学报(自然科学蒙古文版)
2015年
第3期
|