摘要 |
ᠶᠢᠷᠲᠢᠨᠴᠦ ᠶᠢᠨ ᠪᠤᠳᠠᠰ ᠤᠨ ᠨᠢᠭᠡᠲᠦᠮᠡᠯ ᠴᠢᠨᠠᠷ ᠭᠡᠬᠦ ᠦᠨᠳᠦᠰᠦᠯᠡᠯ ᠪᠤᠯ ᠮᠠᠷᠺᠰ ᠤᠨ ᠦᠵᠡᠯ ᠦᠨ ᠭᠦᠨ ᠤᠬᠠᠭᠠᠨ ᠤ ᠬᠠᠮᠤᠭ ᠤᠨ ᠴᠢᠬᠤᠯᠠ ᠦᠨᠳᠦᠰᠦᠯᠡᠯ ᠮᠦᠨ᠃ ᠮᠠᠨ ᠤ ᠬᠢᠨ ᠭᠦᠨ ᠤᠬᠠᠭᠠᠨ ᠢ ᠵᠢᠭᠠᠨ ᠰᠤᠷᠭᠠᠬᠤ ᠪᠠ ᠰᠤᠳᠤᠯᠬᠤ ᠳᠠᠭᠠᠨ ᠡᠨᠡ ᠲᠠᠯ᠎ᠠ ᠪᠠᠷ ᠭᠦᠨ ᠤᠬᠠᠭᠠᠨ ᠤ ᠨᠤᠲᠠᠯᠠᠯᠲᠠ ᠬᠢᠬᠦ ᠶᠢ ᠤᠷᠲᠤ ᠬᠤᠭᠤᠴᠠᠭᠠᠨ ᠤ ᠲᠤᠷᠰᠢ ᠠᠩ᠋ᠬᠠᠷᠤᠨ ᠬᠦᠨᠳᠦᠳᠭᠡᠭ᠍ᠰᠡᠨ ᠢᠶᠡᠷ ᠬᠦᠷᠦᠯᠴᠡᠬᠦ ᠦᠭᠡᠢ ᠪᠠᠢ᠌ᠭᠰᠠᠨ᠃ ᠲᠤᠰ ᠦᠭᠦᠯᠡᠯ ᠳᠦ ᠦᠭᠦᠯᠡᠭᠴᠢ ᠡᠴᠡ ᠰᠢᠨᠵᠢᠯᠡᠬᠦ ᠤᠬᠠᠭᠠᠨᠴᠢ ᠪᠤᠳᠠᠰ ᠤᠨ ᠤᠬᠠᠭᠳᠠᠬᠤᠨ ᠢᠶᠠᠷ ᠭᠦᠨ ᠤᠬᠠᠭᠠᠨ ᠤ ᠨᠤᠲᠠᠯᠠᠯᠲᠠ ᠬᠢᠭ᠍᠍ᠰᠡᠨ ᠪᠦᠭᠡᠳ ᠶᠢᠷᠲᠢᠨᠴᠦ ᠶᠢᠨ ᠲᠦᠭᠡᠮᠡᠯ ᠬᠤᠯᠪᠤᠭ᠎ᠠ᠂ ᠦᠨᠢᠳᠡ ᠶᠢᠨ ᠬᠦᠭ᠍ᠵᠢᠯᠲᠡ ᠪᠡ ᠬᠦᠮᠦᠨ ᠲᠦᠷᠦᠯᠬᠢᠲᠡᠨ ᠦ ᠨᠡᠢ᠌ᠭᠡᠮ ᠴᠦ ᠪᠤᠳᠠᠰ ᠤᠨ ᠶᠢᠷᠲᠢᠨᠴᠦ ᠶᠢᠨ ᠤᠷᠲᠤ ᠬᠤᠭᠤᠴᠠᠭᠠᠨ ᠤ ᠬᠦᠭ᠍ᠵᠢᠯᠲᠡ ᠶᠢᠨ ᠦᠷ᠎ᠡ ᠪᠦᠲᠦᠭᠡᠯ ᠮᠦᠨ ᠭᠡᠬᠦ ᠬᠠᠮᠢᠶ᠎ᠠ ᠪᠦᠬᠦᠢ ᠲᠠᠯ᠎ᠠ ᠠᠴᠠ ᠭᠦᠨ ᠤᠬᠠᠭᠠᠨ ᠤ ᠨᠤᠲᠠᠯᠠᠯᠲᠠ ᠬᠢᠭ᠍ᠰᠡᠨ ᠪᠠᠢ᠌ᠨ᠎ᠠ᠃ |