题名 |
ᠮᠤᠩᠭᠤᠯ ᠬᠡᠯᠡᠨ ᠤ ᠬᠡᠷᠡᠭᠯᠡᠭᠡᠨ ᠳᠤ ᠦᠵᠡᠬᠦᠯᠵᠦ ᠪᠠᠢᠭ᠎ᠠ ᠬᠢᠳᠡᠳ ᠬᠡᠯᠡ ᠰᠤᠶᠤᠯ ᠤᠨ ᠨᠦᠯᠦᠭᠡ ᠵᠢ ᠠᠵᠢᠭᠯᠠᠬᠤ ᠨᠢ- ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠶᠢᠡᠷ ᠬᠢᠴᠢᠶᠡᠯᠡᠯᠵᠦ ᠪᠠᠢᠭ᠎ᠠ ᠲᠤᠮᠳᠠᠳᠤ ᠪᠠᠭ᠎ᠠ ᠰᠤᠷᠭᠠᠭᠤᠯᠢ ᠳᠤ ᠬᠢᠭᠰᠡᠨ ᠬᠡᠯᠡᠨ ᠤ ᠬᠡᠷᠡᠭᠯᠡᠭᠡᠨ ᠤ ᠪᠠᠢᠴᠠᠭᠠᠯᠳᠠ ᠵᠢ ᠦᠨᠳᠤᠰᠤᠯᠡᠪᠡ |
作者 |
ᠬᠠᠰᠴᠢᠮᠡᠩ |
关键词 |
ᠮᠤᠩᠭᠤᠯ ᠬᠡᠯᠡ ᠬᠡᠷᠡᠭᠯᠡᠭᠡᠨ; ᠬᠢᠳᠡᠳ ᠬᠡᠯᠡ ᠰᠤᠶᠤᠯ ᠤᠨ ᠨᠦᠯᠦᠭᠡ; ᠡᠭᠡ ᠬᠡᠯᠡ |
摘要 |
ᠤᠢᠷ᠎ᠠ ᠶᠢᠨ ᠬᠠᠭᠠᠰ ᠵᠠᠭᠤᠨ ᠳᠤ ᠮᠤᠩᠭᠤᠯᠴᠤᠳ ᠬᠢᠳᠡᠳ ᠬᠡᠯᠡᠨ ᠤ ᠨᠦᠯᠦᠭᠡ ᠵᠢ ᠶᠡᠭᠡ ᠬᠦᠷᠳᠡᠬᠦ ᠪᠤᠯᠤᠨᠭᠰᠠᠨ ᠪᠠᠢᠨ᠎ᠠ᠃ ᠡᠨᠡ ᠬᠦ ᠨᠦᠯᠦᠭᠡᠯᠡᠴᠡ ᠨᠢ ᠦᠭᠡᠰ ᠤᠨ ᠰᠠᠩ ᠤᠨ ᠬᠡᠪᠴᠢᠶᠠᠨ ᠡᠴᠨ ᠨᠢᠭᠡᠨᠳᠡ ᠲᠠᠪᠠᠵᠦ᠂ ᠠᠪᠢᠶ᠎ᠠ᠂ ᠬᠡᠯᠡ ᠵᠦᠢ ᠶᠢᠨ ᠬᠦᠷᠢᠶᠡᠨ ᠳᠤ ᠴᠦ ᠨᠠᠪᠴᠢᠨ ᠤᠷᠤᠵᠦ ᠪᠤᠢ᠃ ᠲᠤᠰ ᠠᠰᠠᠭᠤᠳᠠᠯ ᠳᠤ ᠨᠡᠢᠭᠡᠮ᠂ ᠬᠡᠯᠡᠨ ᠤ ᠲᠠᠯ᠎ᠠ ᠶᠢᠨ ᠵᠦᠪ ᠠᠵᠢᠭᠯᠠᠯᠳᠠ ᠬᠢᠬᠦ ᠨᠢ ᠮᠤᠩᠭᠤᠯᠴᠤᠳ ᠤᠨ ᠡᠭᠡ ᠬᠡᠯᠡ ᠪᠡᠨ ᠡᠷᠡᠬᠦᠯ ᠰᠠᠷᠠᠭᠤᠯ ᠶᠢᠡᠷ ᠨᠢ ᠦᠪᠯᠡᠨ ᠠᠪᠴᠦ ᠴᠢᠳᠠᠬᠤ ᠡᠰᠡᠬᠦ ᠲᠠᠢ ᠰᠢᠭᠤᠳ ᠬᠤᠯᠪᠤᠭᠳᠠᠨ᠎ᠠ᠃ ᠦᠬᠦᠯᠡᠯ ᠳᠤ᠂ ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠶᠢᠡᠷ ᠬᠢᠴᠢᠶᠠᠯᠠᠯᠵᠦ ᠪᠠᠢᠭ᠎ᠠ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠢᠭᠰᠡᠨ ᠬᠡᠯᠡᠨ ᠤ ᠬᠡᠷᠡᠭᠯᠡᠭᠡᠨ ᠤ ᠪᠠᠢᠴᠠᠭᠠᠯᠳᠠ ᠪᠠᠷ ᠲᠠᠮᠵᠢᠭᠤᠯᠵᠦ᠂ ᠲᠤᠬᠠᠢ ᠶᠢᠨ ᠤᠷᠤᠨ ᠨᠤᠳᠤᠭ ᠲᠡᠬᠢ ᠬᠢᠳᠡᠳ ᠬᠡᠯᠡᠨ ᠤ ᠨᠦᠯᠦᠭᠡᠯᠡᠴᠡ ᠶᠢᠨ ᠪᠠᠢᠳᠠᠯ ᠢ ᠲᠤᠰᠬᠠᠬᠤ ᠵᠢ ᠵᠤᠷᠢᠪᠡ᠃ |
原文 |
查看原文
|
出自 |
中国蒙古学
2014年
第6期
|