论文信息


题名 ᠮᠤᠩᠭ᠋ᠤᠯ ᠦᠨᠳᠦᠰᠦᠳᠡᠨ ᠤ ᠭᠦᠨ ᠤᠬᠠᠭᠠᠨ ᠤ ᠦᠵᠡᠯ ᠰᠠᠨᠠᠭᠠᠨ ᠤ ᠲᠡᠦᠬᠡᠨ ᠳᠡᠬᠢ《ᠲᠡᠭᠷᠢ》 ᠪᠤᠯᠤᠨ 《ᠬᠦᠮᠦᠨ》 ᠤ ᠬᠠᠷᠢᠴᠠᠭ᠎ᠠ
作者 ᠪᠠᠭᠠᠨ᠎ᠠ
关键词 ᠲᠡᠭᠷᠢ; ᠬᠦᠮᠦᠨ; ᠰᠦᠨᠡᠰᠦ ᠰᠠᠬᠢᠭᠤᠰᠤ; ᠰᠠᠬᠢᠭᠤᠯᠰᠤᠨ; ᠲᠡᠭᠷᠢ ᠶᠢᠨ ᠵᠠᠶᠠᠭᠠᠳᠤ ᠦᠵᠡᠯᠳᠡ; ᠲᠡᠭᠷᠢ ᠢᠪᠡᠭᠡᠬᠦ ᠦᠵᠡᠯᠳᠡ; ᠲᠡᠭᠷᠢ ᠶᠢᠨ ᠬᠦᠴᠦᠨ ᠤ ᠦᠵᠡᠯᠳᠡ; ᠲᠡᠭᠷᠢ ᠳᠤ ᠡᠶᠡᠯᠳᠦᠬᠦ; ᠮᠦᠨ ᠳ᠋ᠤᠷ ᠲᠤᠯᠭᠠᠬᠤ
摘要 《ᠲᠡᠭᠷᠢ》ᠪᠤᠯᠤᠨ《ᠬᠦᠮᠦᠨ》ᠪᠤᠯ ᠮᠤᠩᠭ᠋ᠤᠯ ᠦᠨᠳᠦᠰᠦᠳᠡᠨ ᠤ ᠭᠦᠨ ᠤᠬᠠᠭᠠᠨ ᠤ ᠦᠵᠡᠯ ᠰᠠᠨᠠᠭᠠᠨ ᠤ ᠲᠡᠦᠬᠡᠨ ᠳ᠋ᠡᠬᠢ ᠴᠢᠬᠤᠯᠠ ᠬᠤᠶᠠᠷ ᠦᠨᠳᠦᠰᠦᠨ ᠠᠢ ᠪᠤᠯᠤᠨ᠎ᠠ᠃ ᠦᠭᠦᠯᠡᠯ ᠳᠤ《ᠲᠡᠭᠷᠢ》ᠪᠤᠯᠤᠨ《ᠬᠦᠮᠦᠨ》 ᠤ ᠦᠨᠳᠦᠰᠦᠨ ᠠᠢ ᠶᠢᠨ ᠡᠭᠦᠰᠦᠯ ᠢᠷᠡᠯ ᠪᠤᠯᠤᠨ ᠬᠦᠭ᠍ᠵᠢᠯ ᠬᠤᠪᠢᠷᠠᠯᠳᠠ ᠵᠢᠴᠢ ᠲᠡᠭᠦᠨ ᠤ ᠦᠨᠳᠦᠰᠦᠨ ᠠᠢ ᠶᠢᠨ ᠬᠠᠷᠢᠴᠠᠭ᠎ᠠ ᠬᠤᠯᠪᠤᠭ᠎ᠠ ᠶᠢ ᠲᠡᠳᠡᠨᠡᠷ ᠤᠨ ᠲᠡᠦᠬᠡᠨ ᠳ᠋ᠡᠬᠢ ᠠᠭᠤᠯᠭ᠎ᠠ ᠬᠡᠯᠪᠡᠷᠢ ᠶᠢᠨ ᠤᠨᠴᠠᠯᠢᠭ ᠲᠤ ᠲᠤᠬᠢᠷᠠᠭᠤᠯᠤᠨ ᠤᠢ᠌ᠯᠠᠭᠠᠨ ᠲᠠᠢ᠌ᠯᠪᠤᠷᠢᠯᠠᠪᠠ᠃ ᠡᠭᠦᠨ ᠳᠤ ᠪᠦᠬᠦ ᠠᠭᠤᠯᠭ᠎ᠠ ᠶᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ ᠶᠢᠨ ᠡᠭᠦᠰᠦᠯ᠂ ᠪᠦᠭᠡ ᠶᠢᠨ ᠱᠠᠰᠢᠨ ᠤ ᠡᠭᠦᠰᠦᠯ ᠬᠦᠭ᠍ᠵᠢᠯ ᠤᠨ ᠶᠠᠪᠤᠴᠠ ᠳᠡᠬᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠤᠷᠤᠢ ᠶᠢᠨ ᠰᠠᠬᠢᠭᠤᠯᠰᠤᠨ ᠲᠡᠭᠷᠢ ᠪᠤᠢ ᠪᠤᠯᠤᠭᠰᠠᠨ ᠤ ᠲᠠᠷᠠᠭ᠎ᠠ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠲᠡᠭᠷᠢ ᠶᠢᠨ ᠬᠦᠴᠦᠨ ᠤ ᠦᠵᠡᠯᠳᠡ ᠳᠡᠬᠢ《ᠲᠡᠭᠷᠢ》ᠪᠤᠯᠤᠨ《ᠬᠦᠮᠦᠨ》 ᠤ ᠬᠠᠷᠢᠴᠠᠭ᠎ᠠ᠂ ᠲᠡᠭᠷᠢ ᠳᠤ ᠡᠶᠡᠯᠳᠦᠬᠦ ᠦᠵᠡᠯ ᠰᠠᠨᠠᠭ᠎ᠠ ᠶᠢᠨ《ᠲᠡᠭᠷᠢ》ᠪᠤᠯᠤᠨ《ᠬᠦᠮᠦᠨ》 ᠤ ᠬᠠᠷᠢᠴᠠᠭ᠎ᠠ ᠬᠡᠮᠡᠨ ᠲᠠᠪᠤᠨ ᠪᠦᠯᠦᠭ ᠬᠤᠪᠢᠶᠠᠵᠤ᠂ ᠲᠡᠭᠦᠨ ᠤ ᠡᠭᠦᠰᠦᠯ ᠬᠦᠭ᠍ᠵᠢᠯ ᠤᠨ ᠰᠢᠰᠲ᠋ᠸᠮ ᠶᠢᠡᠷ ᠨᠢ ᠲᠠᠢ᠌ᠯᠪᠤᠷᠢᠯᠠᠪᠠ᠃
原文 没有原文
出自 内蒙古社会科学(蒙文版) 2001年 第6期

联系我们


内蒙古大学图书馆
呼和浩特市大学西路235号
中国·内蒙古
P: (0471) 4992561
E: huangfeilong@imu.edu.cn