题名 |
ᠮᠣᠩᠭᠤᠯ ᠲᠤᠤᠯᠢᠰ ᠤᠨ ᠵᠣᠬᠢᠶᠠᠭᠲᠠᠨ ᠤᠯᠠᠮᠵᠢᠯᠠᠭᠳᠠᠬᠤ ᠪᠠᠢᠭᠠᠯᠢ ᠬᠠᠵᠠᠷ ᠵᠦᠢ ᠶᠢᠨ ᠣᠷᠴᠢᠨ |
作者 |
ᠪᠤ•ᠮᠦᠩᠬᠡ |
关键词 |
ᠮᠣᠩᠭᠤᠯ ᠲᠤᠤᠯᠢᠰ; ᠦᠪᠯᠡᠭᠳᠡᠨ ᠤᠯᠠᠮᠵᠢᠯᠠᠭᠳᠠᠬᠤ; ᠪᠠᠢᠭᠠᠯᠢ ᠭᠠᠵᠠᠷ ᠵᠦᠢ |
摘要 |
ᠪᠠᠢᠭᠠᠯᠢ ᠣᠷᠴᠢᠨ ᠪᠣᠯ ᠲᠤᠤᠯᠢᠰ ᠢᠪᠠᠭᠲᠠᠭᠠᠭᠰᠠᠨ ᠠᠮᠠᠨ ᠰᠣᠶᠣᠯ ᠤᠨ ᠡᠭᠦᠰᠬᠦ᠂ ᠦᠪᠯᠡᠭᠳᠡᠨ ᠤᠯᠠᠮᠵᠢᠯᠠᠭᠲᠠᠬᠤ᠂ᠤᠯᠠᠷᠢᠨ ᠬᠤᠪᠢᠰᠬᠤ ᠠᠩᠬᠠᠳᠤᠭᠴᠢ ᠪᠣᠯᠵᠤᠯᠲᠤ ᠪᠣᠰᠤ(ᠴᠤᠷ ᠤᠨ ᠭᠠᠭᠴᠠ ᠪᠣᠰᠤ) ᠨᠦᠬᠦᠴᠡᠯ ᠮᠦᠨ᠃ ᠲᠡᠷᠡᠮ ᠲᠤᠮᠲᠠ ᠪᠠᠨ ᠨᠡᠭᠦᠳᠡᠯᠴᠢᠨ ᠤ ᠠᠮᠠᠨ ᠰᠣᠶᠣᠯ ᠳᠤ ᠪᠠᠢᠭᠠᠯᠢ ᠶᠢᠨ ᠬᠦᠢᠴᠡᠳᠭᠡᠭᠰᠡᠨ ᠡᠭᠦᠷᠭᠡ ᠨᠡᠩ ᠶᠡᠬᠡ ᠶᠣᠮ᠃ ᠲᠤᠤᠯᠢᠰ ᠤᠨ ᠦᠪ ᠤᠯᠠᠮᠵᠢᠯᠠᠯ ᠤᠨ ᠪᠠᠶᠠᠯᠢᠭ ᠰᠠᠩ ᠲᠠᠢ ᠦᠨᠳᠦᠰᠦᠲᠡᠨ ᠤᠭᠰᠠᠭᠠᠲᠠᠨ ᠤ ᠤᠯᠠᠩᠬᠢ ᠨᠢ ᠪᠦᠷ ᠨᠡᠭᠦᠳᠡᠯᠴᠢᠨ ᠭᠠᠷᠤᠯ ᠲᠠᠢ ᠪᠠᠢᠳᠠᠭ ᠨᠢ ᠪᠠᠰᠠ ᠯᠡ ᠪᠠᠢᠭᠠᠯᠢ ᠲᠠᠢ ᠬᠤᠯᠪᠤᠭᠳᠠᠨ᠎ᠠ᠃ ᠮᠣᠩᠭᠤᠯ ᠠᠮᠠᠨ ᠰᠣᠶᠣᠯ ᠤᠨ ᠰᠠᠪᠠ ᠰᠢᠮ ᠡ ᠶᠢᠨ ᠣᠷᠴᠢᠨ ᠪᠣᠯᠬᠤ ᠪᠠᠢᠭᠠᠯᠢ ᠭᠠᠵᠠᠷ ᠵᠦᠢ᠂ ᠴᠠᠭ ᠠᠭᠤᠷ᠂ ᠡᠷᠬᠢᠯᠡᠵᠦ ᠪᠣᠢ ᠮᠠᠯ ᠠᠵᠤ ᠠᠬᠤᠢ᠂ ᠲᠡᠭᠷᠢ ᠭᠠᠵᠠᠷ᠂ ᠣᠳᠣ ᠡᠷᠬᠢᠰ ᠤᠨ ᠣᠷᠴᠢᠯ ᠬᠦᠳᠡᠯᠭᠡᠭᠡᠨ ᠢ ᠬᠦᠮᠦᠨ ᠤ ᠰᠣᠳᠭᠢᠯ ᠤᠶᠤᠨ ᠤ ᠬᠦᠨ ᠳ᠋ᠡᠬᠢ ᠴᠢᠳᠠᠪᠬᠢ ᠶᠢᠨ ᠤᠴᠢᠭ ᠢ ᠬᠦᠭᠯᠡᠨ ᠬᠦᠭᠵᠢᠭᠡᠭᠰᠡᠨ ᠤ ᠦᠷ ᠡ ᠳ᠋ᠦᠩ ᠪᠣᠯᠵᠤ ᠨᠡᠭᠦᠳᠡᠯᠴᠢᠨ ᠤ ᠠᠮᠠᠨ ᠰᠣᠶᠣᠯ ᠦᠪᠷᠮᠢᠴᠡ ᠦᠩᠭᠡ ᠲᠦᠷᠬᠦ ᠪᠠᠨ ᠤᠯᠵᠤ ᠤᠯᠠᠮᠵᠢᠯᠠᠭᠳᠠᠵᠠᠢ᠃ᠢᠯᠠᠩᠭᠤᠶ ᠠ ᠲᠡᠭᠷᠢᠭᠠᠵᠠᠷ ᠢ ᠰᠢᠲᠦᠬᠦ ᠮᠣᠩᠭᠤᠯᠴᠤᠳ ᠤᠨ ᠦᠵᠡᠯ ᠢ ᠲᠡᠳᠡᠨ ᠤ ᠡᠳᠦᠷ ᠲᠣᠲᠤᠮ ᠤᠨ ᠠᠵᠤ ᠠᠮᠢᠳᠤᠷᠠᠯ᠂ ᠡᠷᠬᠢᠯᠡᠵᠦ ᠪᠤᠢ ᠠᠵᠤ ᠠᠬᠤᠢ ᠲᠠᠢ ᠨᠢ ᠬᠤᠯᠪᠤᠭ᠎ᠠ ᠲᠠᠢ ᠪᠡᠷ ᠡᠭᠦᠰᠴᠦ ᠤᠯᠠᠮ ᠢᠢᠡᠷ ᠨᠡᠭᠦᠳᠡᠯᠴᠢᠨ ᠤ ᠠᠮᠠᠨ ᠰᠣᠶᠣᠯ ᠤᠨ ᠡᠭᠦᠰᠦᠯ ᠭᠠᠷᠪᠠᠯᠢ ᠵᠢ ᠨᠦᠬᠦᠴᠡᠯᠳᠦᠬᠦᠯᠦᠭᠰᠡᠨ ᠪᠠᠢᠳᠠᠭ᠃ |
原文 |
没有原文
|
出自 |
西部蒙古论坛
2008年
第1期
|