摘要 |
ᠮᠣᠩ᠋ᠭᠤᠯ ᠬᠡᠯᠡᠨ ᠦ ᠣᠯᠠᠩᠭᠢ ᠦᠭᠡ ᠶᠢᠨ ᠢᠵᠠᠭᠤᠷ ᠤᠨ ᠬᠤᠢ᠌ᠨ᠎ᠠ ᠨᠢ ᠦᠭᠡ ᠪᠦᠲᠦᠭᠡᠬᠦ ᠪᠡ ᠬᠤᠪᠢᠯᠭᠠᠬᠤ ᠳᠠᠭᠠᠪᠤᠷᠢ ᠵᠠᠯᠭᠠᠵᠤ ᠪᠤᠯᠤᠨ᠎ᠠ᠃ ᠴᠦᠬᠡᠩᠭᠢ ᠢᠵᠠᠭᠤᠷ ᠤᠨ ᠬᠤᠢ᠌ᠨ᠎ᠠ ᠶᠠᠮᠠᠷ ᠴᠤ ᠳᠠᠭᠠᠪᠤᠷᠢ ᠵᠠᠯᠭᠠᠵᠤ ᠪᠤᠯᠬᠤ ᠦᠭᠡᠢ᠃ ᠳᠠᠭᠠᠪᠤᠷᠢ ᠵᠠᠯᠠᠵᠤ ᠪᠤᠯᠬᠤ ᠶᠢᠨ ᠪᠠᠷᠢᠮᠲᠠ ᠭᠡᠪᠡᠯ᠄ (1) ᠶᠡᠷᠦᠩᠬᠡᠢ ᠬᠡᠯᠡ ᠰᠢᠨᠵᠢᠯᠡᠭᠡᠨ ᠦ ᠣᠨᠣᠯ ᠵᠢᠴᠢ ᠵᠠᠷᠢᠮ ᠬᠠᠷᠢ ᠬᠡᠯᠡᠨ ᠦ ᠢᠵᠠᠭᠤᠷ ᠲᠤ ᠳᠠᠭᠠᠪᠤᠷᠢ ᠵᠠᠯᠭᠠᠬᠤ ᠣᠨᠴᠠᠯᠢᠭ; (2) ᠦᠭᠡ ᠶᠢᠨ ᠢᠵᠠᠭᠤᠷ ᠪᠤᠯ ᠦᠭᠡ ᠶᠢᠨ ᠪᠦᠲᠦᠴᠡ ᠶᠢᠨ ᠡᠭᠦᠰᠦᠯ ᠪᠦᠷᠢᠯᠳᠦᠯ ᠦᠨ ᠴᠦᠮ᠎ᠡ᠂ ᠮᠣᠩ᠋ᠭᠤᠯ ᠬᠡᠯᠡ ᠪᠤᠯ ᠵᠠᠯᠭᠠᠮᠠᠯ ᠪᠦᠲᠦᠴᠡᠲᠦ ᠬᠡᠯᠡ ᠲᠤᠯᠠ ᠦᠭᠡ ᠶᠢᠨ ᠡᠭᠦᠰᠦᠯ ᠦᠨ ᠤᠭ ᠢᠵᠠᠭᠤᠷ ᠲᠤ ᠳᠠᠭᠠᠪᠤᠷᠢ ᠵᠠᠯᠭᠠᠪᠠᠯ ᠰᠠᠶᠢ ᠰᠢᠨ᠎ᠡ ᠦᠭᠡ ᠡᠭᠦᠰᠴᠦ ᠪᠦᠷᠢᠯᠳᠦᠨ᠎ᠡ; (3) ᠮᠣᠩ᠋ᠭᠤᠯ ᠬᠡᠯᠡᠨ ᠦ ᠦᠭᠡ ᠶᠢᠨ ᠢᠵᠠᠭᠤᠷ ᠤᠨ ᠵᠠᠷᠢᠮ ᠨᠢ ᠬᠤᠪᠢᠯᠪᠤᠷᠢ ᠲᠠᠢ᠂ ᠡᠨᠡ ᠬᠤᠪᠢᠯᠪᠤᠷᠢ ᠨᠢ ᠳᠠᠭᠠᠪᠤᠷᠢ ᠵᠠᠯᠭᠠᠬᠤ ᠱᠠᠭᠠᠷᠳᠠᠯᠭ᠎ᠠ ᠪᠠᠷ ᠪᠤᠢ ᠪᠤᠯᠵᠤ ᠪᠠᠢ᠌ᠳᠠᠭ᠃ |