摘要 |
《ᠭᠠᠵᠠᠷ ᠴᠢᠩᠨᠠᠬᠤ》ᠪᠤᠯ ᠳᠠᠢ᠌ᠰᠤᠨ ᠦ ᠢᠷᠡᠬᠦ ᠶᠢ ᠤᠷᠢᠳᠴᠢᠯᠠᠨ ᠮᠡᠳᠡᠬᠦ ᠡᠷᠳᠡᠨ ᠦ ᠳᠠᠢ᠌ᠨ ᠦ ᠠᠷᠭ᠎ᠠ ᠪᠤᠯᠤᠨ᠎ᠠ᠃ᠭᠠᠵᠠᠷ ᠴᠢᠩᠨᠠᠬᠤ ᠨᠢ 《ᠨᠢᠬᠤᠴᠠ ᠲᠤᠪᠴᠢᠶᠠᠨ》ᠪᠠ 《ᠠᠯᠲᠠᠨ ᠲᠤᠪᠴᠢ》ᠳ᠋ᠤ ᠬᠤᠸᠠᠭᠴᠢᠨ ᠡᠮᠡᠭᠡᠨ ᠪᠠ ᠠᠯᠠᠭ ᠨᠡᠷᠡᠳᠦ ᠪᠦᠰᠡᠭᠦᠢ ᠶᠢᠨ ᠤᠴᠢᠷ ᠪᠤᠯᠵᠤ ᠭᠠᠷᠳᠠᠭ᠃ ᠡᠨᠡ ᠬᠦ ᠳᠠᠢ᠌ᠨ ᠦ ᠠᠯᠢ ᠡᠷᠳᠡ ᠬᠢᠲᠠᠳ ᠤᠨ 《ᠮᠦᠸᠸᠽᠢ》ᠪᠢᠴᠢᠭ᠌ ᠪᠠ ᠲᠠᠩ᠂ ᠰᠦᠩ ᠤᠯᠤᠰ ᠤᠨ ᠦᠶ ᠡ ᠶᠢᠨ ᠴᠡᠷᠢᠭ ᠤᠨ ᠪᠢᠴᠢᠭ᠌ ᠲᠤ ᠳᠡᠮᠳᠡᠭᠯᠡᠪᠡ᠃ ᠮᠣᠩᠭᠣᠯ ᠪᠠ ᠲᠦᠷᠦᠭ ᠲᠤ ᠭᠠᠵᠠᠷ ᠴᠢᠩᠨᠠᠬᠤ ᠲᠠᠢ ᠬᠤᠯᠪᠤᠭᠳᠠᠭᠰᠠᠨ ᠴᠢᠩᠨᠠᠭᠴᠢ ᠶᠢᠨ ᠦᠯᠢᠭᠡᠷ ᠪᠠᠢ᠌ᠳᠠᠭ ᠪᠦᠭᠡᠳ ᠳᠡᠷᠡ ᠨᠢ ᠶᠡᠬᠡ ᠡᠷᠳᠡ ᠡᠴᠡ ᠪᠠᠢ᠌ᠭᠰᠠᠨ ᠶᠤᠮ᠃ ᠬᠢᠲᠠᠳ ᠮᠣᠩᠭᠣᠯ ᠤᠨ ᠡᠨᠡ ᠬᠦ ᠠᠳᠠᠯᠢᠪᠳᠤᠷ ᠳᠠᠢ᠌ᠨ ᠦ ᠠᠷᠭ᠎ᠠ ᠨᠢ ᠨᠢᠭᠡ ᠭᠠᠷᠤᠯ ᠲᠠᠢ ᠬᠡᠵᠦ ᠪᠤᠯᠬᠤ ᠦᠭᠡᠢ ᠪᠤᠯᠪᠠᠴᠤ ᠲᠠᠩ ᠤᠯᠤᠰ ᠪᠠ ᠲᠦᠷᠦᠭ ᠤᠨ ᠦᠶ ᠡ ᠳᠤ ᠨᠦᠯᠦᠭᠡᠯᠡᠭᠳᠡᠭᠰᠡᠨ ᠪᠤᠯᠤᠮᠵᠢ ᠪᠤᠢ᠃ ᠬᠠᠭᠠᠨ ᠦ ᠤᠷᠳᠤᠨ ᠦ ᠬᠡᠪᠳᠡᠭᠦᠯ ᠳᠤ 《ᠴᠢᠩᠨᠠᠭᠴᠢ》ᠴᠡᠷᠢᠭ ᠪᠠᠢ᠌ᠭᠰᠠᠨ ᠭᠡᠵᠦ ᠲᠦᠰᠦᠭᠯᠡᠵᠦ ᠪᠤᠯᠬᠤ ᠪᠦᠭᠡᠳ ᠮᠣᠩᠣᠯ ᠳᠤ 《ᠴᠢᠩᠨᠠᠭᠠᠴᠢ》ᠭᠡᠳᠡᠭ ᠤᠪᠤᠭ ᠪᠤᠢ ᠨᠢ ᠮᠦᠨ ᠳᠡᠷᠡ ᠭᠦ ᠭᠠᠵᠠᠷ ᠴᠢᠩᠨᠠᠬᠤ ᠲᠤᠰᠬᠠᠢ ᠲᠤᠰᠢᠶᠠᠯ ᠡᠴᠡ ᠭᠠᠷᠤᠯ ᠲᠠᠢ᠃ ᠭᠠᠵᠠᠷ ᠴᠢᠩᠨᠠᠬᠤ ᠪᠠ ᠴᠢᠩᠨᠠᠭᠠᠴᠢ ᠶᠢ ᠲᠤᠳᠤᠷᠠᠭᠤᠯᠬᠤ ᠨᠢ ᠮᠣᠩᠭᠣᠯ ᠤᠨ ᠳᠠᠢ᠌ᠨ ᠦ ᠳᠡᠦᠬᠡ ᠪᠤᠯᠤᠨ ᠰᠢᠨᠵᠢᠯᠡᠬᠦ ᠤᠬᠠᠭᠠᠨ ᠦ ᠳᠡᠦᠬᠡᠨ ᠳᠤ ᠰᠢᠨ᠎ᠠ ᠠᠭᠤᠯᠭ᠎ᠠ ᠨᠡᠮᠡᠷᠢᠯᠠᠨ᠎ᠠ᠃ |