题名 |
ᠨᠠᠮᠬᠠᠢᠵᠠᠪ ᠪᠠ 《ᠮᠣᠩᠭ᠋ᠤᠯ》ᠬᠡᠮᠡᠬᠦ ᠰᠡᠳᠭᠦᠯ ᠤᠨ ᠲᠣᠬᠠᠢ ᠰᠢᠨᠵᠢᠯᠡᠯ |
作者 |
ᠸᠠᠩ ᠬᠤᠩ ᠰᠢᠶᠠ |
关键词 |
ᠨᠠᠮᠬᠠᠢᠵᠠᠪ; ᠰᠤᠷᠭᠠᠨ ᠬᠦᠮᠦᠵᠢᠯ; ᠵᠡᠭᠦᠨ ᠮᠣᠩᠭ᠋ᠤᠯ ᠤᠨ ᠦᠪᠡᠷᠲᠡᠭᠠᠨ ᠵᠠᠰᠠᠬᠤ ᠵᠠᠰᠠᠭ ᠤᠨ ᠣᠷᠳᠤᠨ |
摘要 |
ᠨᠠᠮᠬᠠᠢᠵᠠᠪ ᠪᠣᠯ 20 ᠳ᠋ᠤᠭᠠᠷ ᠵᠠᠭᠤᠨ ᠤ 30-40 ᠭᠡᠳ ᠣᠨ ᠤ ᠦᠶ ᠡ ᠪᠡᠷ ᠦᠨᠳᠦᠰᠦᠲᠡᠨ ᠤ ᠴᠢᠯᠦᠭᠡᠯᠡᠯᠲᠡ ᠶᠢᠨ ᠦᠢᠯᠡᠰ ᠤᠨ ᠲᠦᠯᠦᠭᠡ ᠲᠡᠮᠡᠴᠡᠵᠦ ᠶᠠᠪᠤᠭᠰᠠᠨ ᠰᠡᠭᠡᠭᠡᠲᠡᠳ ᠤᠨ ᠨᠢᠭᠡ ᠨᠢ ᠪᠣᠯᠤᠨ᠋᠌ ᠠ᠃ ᠰᠤᠷᠤᠭᠴᠢ ᠪᠠᠢᠢᠬᠤ ᠦᠶ ᠡ ᠳᠡᠭᠡᠨ《ᠮᠣᠩᠭ᠋ᠤᠯ ᠰᠡᠳᠭᠦᠯ》 ᠢ ᠡᠷᠬᠢᠯᠡᠵᠦ ᠮᠣᠩᠭ᠋ᠤᠯ ᠠᠷᠠᠳ ᠢᠢᠡᠨ ᠰᠡᠭᠡᠭᠡᠷᠡᠭᠦᠯᠬᠦ ᠪᠡᠷ ᠴᠢᠷᠮᠠᠢᠢᠵᠠᠢ᠃《ᠮᠠᠨᠵᠤ ᠤᠯᠤᠰ》 ᠤᠨ ᠦᠶ ᠡ ᠳᠤ ᠰᠤᠷᠭᠠᠨ ᠬᠦᠮᠦᠵᠢᠯ ᠢᠢᠡᠷ ᠦᠨᠳᠦᠰᠦᠲᠡᠨ ᠢᠢᠡᠨ ᠠᠪᠤᠷᠠᠬᠤ ᠬᠠᠲᠠᠭᠤ ᠪᠣᠳᠤᠯ ᠢᠢᠡᠷ ᠦᠨᠳᠦᠰᠦᠲᠡᠨ ᠤ ᠰᠤᠷᠭᠠᠨ ᠬᠦᠮᠦᠵᠢᠯ ᠤᠨ ᠠᠵᠢᠯᠯᠠᠭᠠᠨ ᠳᠤ ᠣᠷᠤᠢᠴᠠᠨ᠂ ᠮᠣᠩᠭ᠋ᠤᠯ ᠠᠷᠠᠳ ᠤᠨ ᠢᠢᠡᠨ ᠣᠶᠣᠨ ᠢ ᠰᠡᠩᠭᠡᠷᠡᠭᠦᠯᠬᠦ ᠪᠡᠷ ᠢᠳᠡᠪᠬᠢᠲᠡᠢ ᠴᠢᠷᠮᠠᠢᠢᠵᠤ ᠪᠠᠢᠢᠭᠰᠠᠨ ᠮᠦᠷᠲᠡᠭᠡᠨ ᠵᠡᠭᠦᠨ ᠮᠣᠩᠭ᠋ᠤᠯ ᠤᠨ ᠦᠪᠡᠷᠲᠡᠭᠡᠨ ᠵᠠᠰᠠᠬᠤ ᠵᠠᠰᠠᠭ ᠤᠨ ᠣᠷᠳᠤᠨ ᠢ ᠪᠠᠢᠢᠭᠤᠯᠬᠤ ᠠᠵᠢᠯ ᠳᠤ ᠴᠤ ᠣᠷᠤᠯᠴᠠᠵᠠᠢ᠃ ᠬᠣᠵᠢᠮ ᠨᠢ ᠦᠪᠦᠷ ᠮᠣᠩᠭ᠋ᠤᠯ ᠤᠨ ᠶᠡᠬᠡ ᠰᠤᠷᠭᠠᠭᠤᠯᠢ ᠳᠤ ᠠᠵᠢᠯᠯᠠᠵᠤ᠂ ᠮᠦᠨ ᠰᠤᠷᠭᠠᠨ ᠬᠦᠮᠦᠵᠢᠯ ᠤᠨ ᠦᠢᠯᠡᠰ ᠲᠤ ᠵᠢᠳᠭᠦᠵᠦ ᠶᠠᠪᠤᠵᠠᠢ᠃ ᠨᠠᠮᠬᠠᠢᠢᠵᠠᠪ ᠤᠨ ᠨᠢᠭᠡ ᠨᠠᠰᠤ ᠪᠣᠯ ᠦᠢᠳᠦᠰᠦᠲᠡᠨ ᠤ ᠴᠢᠯᠦᠭᠡᠯᠡᠯᠲᠡ ᠬᠢᠭᠡᠳ ᠦᠨᠳᠦᠰᠦᠲᠡᠨ ᠤ ᠰᠡᠩᠭᠡᠷᠡᠭᠦᠯᠦᠯ ᠤᠨ ᠲᠦᠯᠦᠭᠡ ᠲᠡᠮᠡᠴᠡᠭᠰᠡᠨ ᠨᠢᠭᠡ ᠨᠠᠰᠤ ᠶᠣᠮ᠃ |
原文 |
查看原文
|
出自 |
中国蒙古学
2012年
第2期
|