| 题名 | 
                ᠮᠣᠩᠭᠤᠯ ᠬᠡᠯᠡ ᠰᠢᠨᠵᠢᠯᠡᠯ ᠦᠨ ᠨᠡᠷᠡ ᠲᠤᠮᠢᠶᠠᠨ ᠳᠠᠬᠢ ᠬᠢᠲᠠᠳ ᠬᠡᠯᠡᠨ ᠦ ᠨᠦᠯᠦᠭᠡᠯᠡᠯ ᠦᠨ ᠲᠤᠬᠠᠢ | 
            
            
                | 作者 | 
                ᠳᠡᠯᠭᠡᠷᠮᠠ | 
            
            
                | 关键词 | 
                ᠮᠣᠩ᠋ᠭᠤᠯ ᠬᠡᠯᠡ ᠰᠢᠨᠵᠢᠯᠡᠯ; ᠨᠡᠷᠡ ᠲᠤᠮᠢᠶᠠ; ᠬᠢᠲᠠᠳ ᠬᠡᠯᠡᠨ ᠦ ᠨᠦᠯᠦᠭᠡᠯᠡᠯ | 
            
            
                | 摘要 | 
                ᠦᠭᠦᠯᠡᠯ ᠳᠦ 《ᠬᠡᠯᠡᠨ ᠦ ᠰᠢᠨᠵᠢᠯᠡᠯ ᠦᠨ ᠨᠡᠷᠡ ᠲᠤᠮᠢᠶᠠ》ᠭᠡᠰᠡᠨ ᠪᠢᠴᠢᠭ᠌ ᠲᠡᠬᠢ ᠨᠡᠷᠡ ᠲᠤᠮᠢᠶᠠ ᠬᠢᠭᠡᠳ ᠣᠢ᠌ᠷᠠ ᠶᠢᠨ ᠵᠢᠯ ᠦᠳ ᠲᠦ ᠨᠡᠢ᠌ᠲᠡᠯᠡᠭᠳᠡᠭᠰᠡᠨ ᠬᠡᠯᠡ ᠰᠢᠨᠵᠢᠯᠡᠯ ᠦᠨ ᠦᠭᠦᠯᠡᠯ ᠵᠤᠬᠢᠶᠠᠯ ᠳᠠᠬᠢ ᠨᠡᠷᠡ ᠲᠤᠮᠢᠶᠠᠨ ᠤ ᠬᠡᠷᠡᠭᠯᠡᠭᠡᠨ ᠦ ᠪᠠᠢ᠌ᠳᠠᠯ ᠢ ᠰᠢᠨᠵᠢᠵᠦ᠂ ᠮᠣᠩ᠋ᠭᠤᠯ ᠬᠡᠯᠡ ᠰᠢᠨᠵᠢᠯᠡᠯ ᠦᠨ ᠨᠡᠷᠡ ᠲᠤᠮᠢᠶᠠᠨ ᠳᠠᠬᠢ ᠬᠢᠲᠠᠳ ᠬᠡᠯᠡᠨ ᠦ ᠨᠦᠯᠦᠭᠡᠯᠡᠯ ᠦᠨ ᠨᠡᠪᠲᠡᠷᠡᠨ ᠣᠷᠤᠵᠤ ᠢᠷᠡᠭᠰᠡᠨ ᠠᠷᠭᠠ ᠵᠠᠮ ᠢ ᠭᠤᠷᠪᠠᠨ ᠲᠠᠯᠠ ᠪᠠᠷ ᠬᠤᠷᠢᠶᠠᠩ᠋ᠭᠤᠢ᠌ᠯᠠᠵᠤ᠂ ᠲᠡᠭᠦᠨ ᠦ ᠪᠤᠰᠤᠳ ᠬᠢᠭᠡᠳ ᠪᠡᠶᠡᠴᠢ ᠰᠢᠯᠲᠠᠭᠠᠨ ᠢ ᠡᠷᠢᠯᠬᠢᠯᠡᠨ᠂ ᠮᠣᠩ᠋ᠭᠤᠯ ᠬᠡᠯᠡ ᠰᠢᠨᠵᠢᠯᠡᠯ ᠦᠨ ᠰᠢᠨᠡ ᠨᠡᠷᠡ ᠲᠤᠮᠢᠶᠠ ᠪᠦᠲᠦᠭᠡᠬᠦ ᠳᠡᠭᠡᠨ ᠤᠬᠠᠭᠳᠠᠬᠤᠨ ᠢ ᠵᠦᠪ ᠣᠢ᠌ᠯᠠᠭᠠᠵᠤ᠂ ᠮᠣᠩ᠋ᠭᠤᠯ ᠬᠡᠯᠡᠨ ᠦ ᠦᠭᠡ ᠪᠦᠲᠦᠭᠡᠬᠦ ᠶᠤᠰᠤ ᠬᠢᠭᠡᠳ ᠤᠳᠬᠠ ᠶᠢᠨ ᠨᠠᠢ᠌ᠷᠠᠯ ᠤᠨ ᠵᠢᠮᠡ ᠬᠠᠤᠯᠢ ᠳᠦ ᠨᠡᠢ᠌ᠴᠡᠭᠦᠯᠦᠨ ᠨᠡᠷᠡᠯᠡᠬᠦ ᠡᠴᠡ ᠪᠢᠰᠢ᠂ ᠲᠤᠬᠠ ᠶᠢᠨ ᠤᠬᠠᠭᠳᠠᠬᠤᠨ ᠲᠠᠢ ᠬᠠᠷᠠᠭᠠᠯᠵᠠᠭᠰᠠᠨ ᠬᠠᠷᠢ ᠬᠡᠯᠡᠨ ᠦ ᠨᠡᠷᠡ ᠲᠤᠮᠢᠶᠠ ᠶᠢ ᠰᠢᠭᠤᠳ ᠣᠷᠴᠢᠭᠤᠯᠵᠤ ᠪᠤᠯᠬᠤ ᠦᠭᠡᠢ ᠭᠡᠰᠡᠨ ᠦᠵᠡᠯᠲᠡ ᠪᠡᠨ ᠳᠤᠷᠠᠳᠪᠠ᠃ | 
            
            
                | 原文 | 
                
                    
                    查看原文
                    
                 | 
            
          
            | 出自 | 
            
              内蒙古社会科学(蒙文版)
              2005年
               第4期
             |