题名 |
ᠴᠢᠩᠬᠢᠰ ᠬᠠᠭᠠᠨ ᠤ ᠠᠮᠢ ᠠᠬᠤᠢ ᠶᠢᠨ ᠡᠰᠢ ᠶᠣᠰᠤᠨ ᠤ ᠦᠵᠡᠯ ᠰᠠᠨᠠᠭᠠᠨ ᠤ ᠲᠣᠬᠠᠢ ᠮᠦᠴᠢᠳ ᠦᠭᠦᠯᠡᠬᠦ ᠨᠢ |
作者 |
ᠬᠤᠸᠠᠨᠤᠳ ᠰᠡ ᠪᠠᠭᠠᠲᠤᠷ; ᠭᠠᠪᠢᠷ ᠠ |
关键词 |
ᠴᠢᠩᠬᠢᠰ ᠬᠠᠭᠠᠨ ;ᠠᠮᠢ ᠠᠬᠤᠢ ᠶᠢᠨ ᠡᠰᠢ ᠶᠣᠰᠤᠨ ;ᠦᠵᠡᠯ ᠰᠠᠨᠠᠭ᠎ᠠ |
摘要 |
ᠠᠮᠢ ᠠᠬᠤᠢ ᠶᠢᠨ ᠡᠰᠢ ᠶᠣᠰᠤᠨ ᠤ ᠦᠵᠡᠯ ᠰᠠᠨᠠᠭ᠎ᠠ ᠪᠤᠶᠤ ᠠᠮᠢ ᠠᠬᠤᠢ ᠶᠢᠨ ᠡᠰᠢ ᠶᠣᠰᠤᠨ ᠤ ᠬᠦᠨ ᠤᠬᠠᠭᠠᠨ ᠪᠣᠯ ᠲᠤᠰ ᠵᠠᠭᠤᠨ ᠤ ᠵᠢᠷᠠ ᠲᠠᠯᠠᠭᠠᠳ ᠣᠨ ᠤ ᠲᠤᠮᠳᠠᠴᠢ ᠰᠡᠭᠦᠯᠴᠢ ᠪᠡᠷ ᠪᠤᠢ ᠪᠣᠯᠤᠭᠰᠠᠨ ᠨᠢᠭᠡ ᠲᠦᠷᠦᠯ ᠤᠨ ᠪᠡᠶ ᠠ ᠪᠠᠨ ᠲᠠᠭᠠᠭᠠᠭᠰᠠᠨ ᠰᠢᠨᠵᠢᠯᠡᠬᠦ ᠤᠬᠠᠭᠠᠨ ᠤ ᠷᠠᠰᠠᠩ ᠮᠦᠨ᠃ ᠲᠡᠷᠡ ᠪᠣᠯ ᠡᠰᠢ ᠶᠣᠰᠤᠨ ᠤ ᠤᠬᠠᠭᠠᠨ ᠪᠤᠶᠤ ᠡᠰᠢ ᠶᠣᠰᠤᠨ ᠤ ᠬᠦᠨ ᠤᠬᠠᠭᠠᠨ ᠤ ᠨᠢᠭᠡᠨ ᠰᠠᠯᠪᠤᠷᠢ ᠰᠢᠨᠵᠢᠯᠡᠭᠡᠨᠪᠣᠯᠬᠤ ᠶᠣᠮ᠃ ᠬᠡᠳᠡᠯ ᠠ ᠠᠮᠢ ᠠᠬᠤᠢ ᠶᠢᠨ ᠡᠰᠢ ᠶᠣᠰᠤᠨ ᠤ ᠦᠵᠡᠯ ᠰᠠᠨᠠᠭ᠎ᠠ ᠪᠣᠯ ᠣᠷᠴᠢᠨ ᠦᠶ᠎ᠠ ᠪᠠ ᠣᠳᠣ ᠦᠶ ᠠ ᠳ᠋ᠤ ᠰᠠᠶᠢ ᠪᠤᠢ ᠪᠣᠯᠤᠭᠰᠠᠨ ᠪᠢᠰᠢ᠂ ᠬᠠᠷᠢᠨ ᠬᠦᠮᠦᠨ ᠲᠦᠷᠦᠯᠬᠢᠲᠡᠨ ᠤ ᠰᠣᠶᠣᠯ ᠤᠨ ᠲᠤᠳᠤᠷ ᠠ ᠠᠯᠢ ᠡᠷᠲᠡᠨ ᠡᠴᠡ ᠪᠠᠢᠭᠰᠠᠨ ᠪᠦᠭᠡᠳ ᠲᠡᠷᠡ ᠨᠢ ᠪᠠᠰᠠ ᠠᠳᠠᠯᠢ ᠪᠣᠰᠤ ᠶᠢᠨ ᠤᠯᠤᠰ ᠦᠨᠳᠦᠰᠦᠲᠡᠨ ᠤ ᠤᠯᠠᠮᠵᠢᠯᠠᠯᠲᠤ ᠰᠣᠶᠣᠯ ᠤᠨ ᠲᠤᠭᠲᠠᠯᠴᠠᠭᠠᠨ ᠲᠤᠳᠤᠷ ᠠ᠂ ᠠᠳᠠᠯᠢ ᠪᠣᠰᠤ ᠶᠢᠨ ᠬᠡᠯᠪᠡᠷᠢ ᠪᠡᠷ ᠢᠯᠡᠷᠡᠨ᠂ ᠦᠪᠡᠷ᠂ ᠦᠪᠡᠷ ᠤᠨ ᠦᠢᠯᠡᠳᠦᠯ ᠢᠢᠡᠨ ᠦᠵᠡᠭᠦᠯᠦᠭᠭᠡᠰᠡᠷ ᠢᠷᠡᠵᠡᠢ᠃ ᠡᠨᠡ ᠨᠢ ᠬᠦᠮᠦᠨ ᠲᠦᠷᠦᠯᠬᠢᠲᠡᠨ ᠤ ᠰᠣᠶᠣᠯ ᠢᠷᠭᠡᠨᠰᠢᠯ ᠪᠣᠯ ᠠᠳᠠᠯᠢ ᠪᠤᠰᠤ ᠶᠢᠨ ᠲᠡᠦᠬᠡᠨ ᠬᠡᠯᠪᠡᠷᠢ ᠲᠠᠢ ᠪᠠᠢᠵᠤ ᠤᠯᠠᠨ ᠶᠠᠩᠵᠤ ᠪᠡᠷ ᠭᠦᠭᠵᠢᠳᠡᠭ ᠬᠡᠰᠡᠭ ᠢ ᠬᠠᠷᠠᠭᠤᠯᠵᠤ ᠪᠠᠢᠭ᠎ᠠ ᠶᠣᠮ᠃ |
原文 |
没有原文
|
出自 |
蒙古学研究
1998年
第4期
|