论文信息


题名 ᠳᠤᠳᠤ ᠦᠰᠦᠭ ᠤᠨ ᠵᠦᠪ ᠪᠢᠴᠢᠬᠦ ᠲᠦᠷᠢᠮ ᠢ ᠢᠩᠬᠢᠵᠦ ᠪᠤᠰᠠᠨᠢᠭᠤᠯᠵᠤ ᠪᠤᠯᠬᠤ ᠦᠭᠡᠢ — ᠵᠠᠮᠴᠠ ᠠᠪᠤᠭᠠᠢ ᠶᠢᠨ 《ᠳᠤᠳᠤ ᠦᠰᠦᠭ ᠤᠨ ᠲᠤᠪᠴᠢ ᠲᠦᠷᠢᠮ》 ᠤᠨ ᠲᠤᠬᠠᠢ ᠰᠢᠭᠦᠮᠵᠢ
作者 ᠴᠤᠢ᠌ᠵᠤᠩᠵᠠᠪ
关键词 ᠳᠤᠳᠤ ᠦᠰᠦᠭ ; ᠵᠦᠪ ᠪᠢᠴᠢᠬᠦ ᠲᠦᠷᠢᠮ 
摘要 ᠵᠤᠬᠢᠶᠠᠭᠴᠢ ᠳᠤᠰ ᠦᠭᠦᠯᠡᠯ ᠳᠡᠭᠡᠨ ᠶᠠᠭᠤᠨ ᠦ ᠡᠮᠤᠨ᠎ᠡ᠂ ᠠᠮᠢᠳᠤ ᠶᠠᠷᠢᠶᠠᠨ ᠦ ᠳᠠᠭᠤᠳᠠᠯᠭ᠎ᠠ ᠶᠢ ᠲᠤᠳᠤ ᠦᠰᠦᠭ ᠤᠨ ᠲᠦᠷᠢᠮ ᠢ ᠵᠠᠰᠠᠬᠤ ᠦᠨᠳᠦᠰᠦᠯᠡᠯ ᠪᠤᠯᠭᠠᠵᠤ ᠪᠤᠯᠬᠤ ᠦᠭᠡᠢ ᠭᠡᠳᠡᠭ ᠦᠵᠡᠯᠳᠡ ᠶᠢ ᠲᠤᠷᠠᠳᠴᠦ ᠤᠢ᠌ᠷᠠᠳ ᠠᠶᠠᠯᠭᠤᠨ ᠦ ᠪᠠ ᠳᠤᠲᠤ ᠦᠰᠦᠭ ᠤᠨ ᠡᠭᠡᠰᠢᠭ᠌ ᠤᠨ ᠲᠤᠭ᠎ᠠ᠂ ᠬᠡᠢ᠌ᠭᠦᠯᠦᠭᠴᠢ ᠶᠢᠨ ᠪᠠᠢ᠌ᠷᠢᠯᠠᠯ ᠤᠨ ᠤᠨᠴᠠᠯᠢᠭ ᠵᠡᠷᠭᠡ ᠲᠠᠯ ᠠ ᠪᠠᠷ ᠤᠭ ᠦᠵᠡᠯᠳᠡ ᠪᠡᠨ ᠪᠠᠳᠤᠯᠠᠪᠠ᠃ ᠪᠠᠰᠠ 《ᠳᠤᠳᠤ ᠦᠰᠦᠭ ᠤᠨ ᠲᠤᠪᠴᠢ ᠲᠦᠷᠢᠮ》ᠲᠤᠷᠠᠳᠴᠤ ᠪᠠᠢ᠌ᠭ᠎ᠠ ᠲᠤᠳᠤᠷᠬᠠᠢ ᠦᠭᠡᠷᠡᠴᠢᠯᠡᠯᠳᠡ ᠤᠷᠤᠭᠤᠯᠬᠤ ᠲᠤᠬᠠᠢ ᠰᠠᠨᠠᠯ᠂ ᠵᠦᠷᠢᠴᠡᠯ ᠲᠠᠢ ᠲᠠᠢ᠌ᠯᠪᠤᠷᠢ᠂ ᠪᠦᠷᠢᠨ ᠪᠤᠰᠤ ᠠᠩᠬᠢᠯᠠᠯ᠂ ᠰᠤᠨᠢᠨ ᠵᠢᠭᠳᠡᠢ ᠦᠭᠡ ᠬᠡᠯᠡᠯᠭᠡ ᠵᠡᠷᠭᠡ ᠭᠤᠷᠪᠠᠨ ᠲᠠᠯ ᠠ ᠪᠡᠷ ᠳᠤᠰ ᠪᠦᠷᠢ ᠠᠷᠪᠠᠭᠠᠳ ᠵᠢᠱᠢᠶ ᠠ ᠭᠠᠷᠭᠠᠵᠤ ᠰᠢᠭᠦᠮᠵᠢᠯᠡᠨ ᠪᠤᠷᠤᠭᠤᠰᠢᠶᠠᠵᠠᠢ᠃ ᠡᠴᠤᠰ ᠲᠤᠨᠢ᠂ ᠵᠦᠪ ᠪᠢᠴᠢᠬᠦ ᠲᠦᠷᠢᠮ ᠢ ᠦᠭᠡᠷᠡᠴᠢᠯᠡᠬᠦ ᠨᠢ ᠵᠠᠰᠠᠭ ᠤᠨ ᠠᠵᠢᠯᠯᠠᠭ᠎ᠠ ᠪᠠᠢ᠌ᠬᠤ ᠶᠤᠰᠤᠲᠠᠢ᠂ ᠶᠠᠮᠠᠷ ᠴᠤ ᠬᠦᠮᠦᠨ ᠦ ᠠᠵᠢᠯᠯᠠᠭ᠎ᠠ ᠪᠠᠢ᠌ᠵᠦ ᠪᠤᠯᠬᠤ ᠦᠭᠡᠢ ᠭᠡᠳᠡᠭ ᠰᠠᠨᠠᠯ ᠲᠤᠷᠠᠳᠪᠠ᠃
原文 查看原文
出自 内蒙古大学学报 2000年 第4期

联系我们


内蒙古大学图书馆
呼和浩特市大学西路235号
中国·内蒙古
P: (0471) 4992561
E: huangfeilong@imu.edu.cn