摘要 |
17 ᠳ᠋ᠤᠭᠠᠷ ᠵᠠᠭᠤᠨ ᠡᠴᠡ ᠰᠡᠭᠦᠯ ᠳᠤ ᠵᠤᠬᠢᠶᠠᠭᠳᠠᠭᠰᠠᠨ ᠮᠤᠩᠭ᠋ᠤᠯ ᠲᠡᠦᠬᠡᠨ ᠰᠤᠳᠤᠷ ᠪᠢᠴᠢᠭ᠌ ᠤᠨ ᠡᠨᠡᠳᠭᠡᠭ᠌᠂ ᠲᠦᠪᠡᠳ ᠤᠨ ᠲᠡᠦᠡᠬᠡ ᠳᠤ ᠬᠤᠯᠪᠤᠭᠳᠠᠭᠰᠠᠨ ᠬᠡᠰᠡᠭ ᠲᠤ ᠮᠠᠩᠭ᠋ᠤᠰ ᠤᠨ ᠲᠦᠷᠢ ᠨᠢ ᠦᠪᠡᠷᠮᠢᠴᠡ ᠤᠨᠴᠠᠯᠢᠭ ᠰᠢᠨᠵᠢ ᠲᠠᠢ ᠪᠠᠢ᠌ᠵᠤ᠂ ᠲᠡᠷᠡ ᠨᠢ ᠲᠤᠬᠠᠢ ᠶᠢᠨ ᠦᠶ᠎ᠡ ᠶᠢᠨ ᠯᠠᠮᠠ ᠭᠡᠭᠡᠨᠳᠡᠨ ᠨᠠᠷ ᠡᠨᠡᠳᠭᠡᠭ᠌ ᠲᠦᠪᠡᠳ ᠤᠨ ᠦᠯᠢᠭᠡᠷ ᠲᠤᠮᠤᠭ ᠲᠡᠬᠢ ᠵᠠᠷᠢᠮ ᠲᠦᠷᠢ ᠪᠠ ᠱᠠᠰᠢᠨ ᠤ ᠡᠰᠡᠷᠭᠦ ᠲᠠᠯ᠎ᠠ ᠶᠢᠨ ᠲᠦᠷᠢ ᠶᠢ ᠮᠤᠩᠭ᠋ᠤᠯ ᠶᠢᠡᠷ ᠤᠷᠴᠢᠭᠤᠯᠬᠤ ᠳᠠᠭᠠᠨ ᠮᠤᠩᠭ᠋ᠤᠯᠴᠤᠳ ᠤᠨ ᠤᠯᠠᠮᠵᠢᠯᠠᠯᠳᠤ ᠤᠢ᠌ᠯᠠᠭᠠᠯᠳᠠ ᠳᠡᠬᠢ ᠡᠰᠡᠷᠭᠦ ᠲᠠᠯ᠎ᠠ ᠶᠢᠨ ᠲᠦᠷᠢ ᠮᠠᠩᠭ᠋ᠤᠰ ᠶᠢᠡᠷ ᠤᠷᠤᠯᠠᠭᠤᠯᠪᠠ᠂ ᠡᠨᠡ ᠨᠢ ᠮᠤᠩᠭ᠋ᠤᠯᠴᠤᠳ ᠤᠨ ᠤᠵᠠᠭᠤᠷ ᠦᠵᠡᠯ ᠤᠢ᠌ᠯᠠᠭᠠᠯᠳᠠ ᠳᠡᠬᠢ ᠮᠠᠩᠭ᠋ᠤᠰ ᠤᠨ ᠲᠦᠷᠢ ᠶᠢᠨ ᠬᠤᠪᠢᠷᠠᠵᠤ ᠦᠭᠡᠷᠡᠳᠦᠬᠦ ᠶᠢᠨ ᠨᠢᠭᠡ ᠰᠢᠯᠳᠠᠭᠠᠨ ᠪᠤᠯᠪᠠ᠃ |