摘要 |
ᠦᠭᠦᠯᠡᠯ ᠳᠤ ᠨᠤᠳᠤᠭ ᠤᠨᠰᠤᠨ ᠤ ᠭᠤᠤ᠎ᠠ ᠵᠦᠢ ᠶᠢᠨ ᠬᠠᠷᠠᠭᠠᠰᠤᠨ ᠡᠴᠨ ᠰᠢᠯᠢ ᠶᠢᠨ ᠭᠤᠤᠯ ᠤᠨ ᠲᠤᠭᠤᠵᠢᠰ ᠤᠨ ᠵᠤᠷᠢᠭ ᠰᠠᠨᠠᠨᠭᠠᠨ ᠤ ᠠᠬᠤᠭᠤᠯᠤᠮᠵᠢ ᠵᠢ ᠲᠠᠢᠯᠪᠤᠷᠢᠯᠠᠵᠦ᠂ ᠨᠤᠳᠤᠭ ᠤᠰᠤᠨ ᠡᠴᠨ ᠪᠠᠨ ᠰᠠᠯᠬᠤ-ᠲᠦᠭᠡᠷᠢᠭᠳᠡᠬᠦ-ᠮᠦᠷᠦᠭᠡᠳᠬᠦ-ᠪᠤᠴᠠᠬᠤ ᠵᠠᠭᠪᠤᠷ ᠪᠤᠯ ᠨᠤᠳᠤᠭ ᠤᠰᠤᠨ ᠤ ᠤᠷᠠᠨ ᠵᠤᠬᠢᠶᠠᠯ ᠳᠤ ᠲᠦᠬᠡᠮᠡᠯ ᠬᠠᠷᠠᠭᠳᠠᠬᠤ ᠨᠢᠭᠡ ᠵᠤᠢᠯ ᠤᠨ ᠦᠢᠯᠡ ᠶᠠᠪᠤᠳᠠᠯ ᠤᠨ ᠬᠦᠤᠷᠨᠢᠯ ᠤᠨ ᠬᠡᠪᠰᠢᠯ ᠪᠤᠶᠤ ᠵᠤᠬᠢᠶᠠᠨ ᠪᠦᠳᠤᠭᠡᠯᠭᠡ ᠶᠢᠨ ᠰᠡᠳᠬᠢᠴᠡ ᠪᠤᠯᠤᠨ᠎ᠠ ᠬᠡᠵᠦ ᠦᠵᠡᠭᠡᠳ ᠰᠢᠯᠢ ᠶᠢᠨ ᠭᠤᠤᠯ ᠤᠨ ᠲᠤᠭᠤᠵᠢᠰ ᠲᠤ ᠨᠤᠳᠤᠭ ᠤᠰᠤ ᠨᠢ ᠮᠦᠷᠦᠭᠡᠳᠤᠨ ᠦᠭᠡᠢ᠋ᠯᠡᠬᠦ ᠰᠡᠳᠬᠢᠯ ᠤᠨ ᠭᠤᠯᠤᠮᠳᠠ᠂ ᠬᠦᠮᠦᠨ ᠲᠦᠷᠦᠯᠬᠢᠳᠡᠨ ᠤ ᠠᠮᠢ ᠭᠤᠤᠯ᠂ ᠠᠮᠢ ᠨᠠᠰᠤᠨ ᠤ ᠪᠤᠴᠠᠯᠳᠠ ᠴᠡᠭ ᠭᠡᠬᠦ ᠰᠠᠨᠠᠭ᠎ᠠ ᠲᠦᠷᠢ ᠪᠡᠷ ᠢᠯᠡᠷᠬᠡᠢᠯᠡᠭᠳᠡᠵᠦ ᠪᠠᠢᠭ᠎ᠠ ᠪᠦᠭᠡᠳ ᠲᠠᠶᠠᠭᠠᠷᠴᠢᠯᠡᠯ᠂ ᠬᠤᠳᠠᠴᠢᠯᠡᠯ ᠤᠨ ᠤᠷᠤᠰᠬᠠᠯ ᠲᠤᠤᠷ᠎ᠠ ᠨᠤᠳᠤᠭ ᠤᠰᠤᠨ ᠤ ᠭᠤᠤ᠎ᠠ ᠵᠦᠢ ᠶᠢᠨ ᠰᠢᠨᠵᠢᠯᠡᠭᠡᠨ ᠢ ᠪᠦᠳᠤᠭᠡᠨ ᠪᠠᠢᠭᠤᠯᠬᠤ ᠨᠢ ᠲᠤᠯᠭᠠᠮ᠎ᠠ ᠱᠠᠭᠠᠷᠳᠠᠯᠭ᠎ᠠ ᠪᠤᠯᠵᠡᠢ ᠬᠡᠵᠦ ᠮᠠᠭᠠᠳᠯᠠᠭᠰᠠᠨ ᠪᠠᠢᠨ᠎ᠠ᠃ |