题名 |
ᠰᠢᠨ᠎ᠡ ᠬᠢᠴᠢᠶᠡᠯᠡᠯᠭᠡ ᠶᠢᠨ ᠵᠢᠭᠠᠨ ᠰᠤᠷᠭᠠᠬᠤ ᠵᠢᠷᠤᠭ ᠲᠦᠯᠦᠪᠯᠡᠭᠡᠨ ᠳᠡᠬᠢ ᠬᠦᠮᠦᠨ ᠨᠡᠢᠭᠡᠮ ᠦᠨ ᠦᠷᠲᠡᠭ ᠦᠨ ᠲᠤᠬᠠᠢ |
作者 |
ᠡᠷᠳᠡᠨᠢᠪᠠᠶᠠᠷ |
关键词 |
ᠰᠢᠨ᠎ᠡ ᠬᠢᠴᠢᠶᠡᠯᠡᠯᠭᠡ; ᠵᠢᠭᠠᠨ ᠰᠤᠷᠭᠠᠬᠤ ᠵᠢᠷᠤᠭ ᠲᠦᠯᠦᠪᠯᠡᠭᠡ; ᠬᠦᠮᠦᠨ ᠨᠡᠢᠭᠡᠮ ᠦᠨ ᠦᠷᠲᠡᠭ |
摘要 |
ᠨᠡᠢᠭᠡᠮ ᠦᠨ ᠰᠢᠯᠵᠢᠯᠲᠡ ᠮᠡᠳᠡᠭᠡ ᠵᠠᠩᠭᠢ ᠶᠢᠨ ᠮᠡᠷᠭᠡᠵᠢᠯ ᠦᠨ ᠬᠦᠭᠵᠢᠯᠲᠡ ᠶᠢ ᠳᠠᠭᠠᠯᠳᠤᠨ ᠵᠢᠭᠠᠨ ᠰᠤᠷᠭᠠᠬᠤ ᠵᠢᠷᠤᠭ ᠲᠦᠯᠦᠪᠯᠡᠭᠡᠨ ᠦ ᠣᠨᠣᠯ᠂ ᠠᠷᠭ᠎ᠠ ᠪᠠᠷᠢᠯ ᠪᠠ ᠣᠢᠯᠠᠭᠠᠭᠳᠠᠬᠤᠨ ᠳᠤ ᠭᠦᠨᠵᠡᠭᠡᠢ ᠬᠤᠪᠢᠷᠠᠯᠲᠠ ᠡᠭᠦᠰᠪᠡ᠃ ᠡᠳᠡᠭᠡᠷ ᠬᠤᠪᠢᠷᠠᠯᠲᠠ ᠨᠢ ᠣᠳᠤᠬᠠᠨ ᠤ ᠵᠢᠭᠠᠨ ᠰᠤᠷᠭᠠᠯᠲᠠ ᠶᠢᠨ ᠬᠦᠮᠦᠨ ᠨᠡᠢᠭᠡᠮ ᠦᠨ ᠦᠷᠲᠡᠭ ᠦᠨ ᠴᠢᠭᠯᠡᠯ ᠳᠦ ᠳᠤᠪᠤᠢᠮ᠎ᠠ ᠢᠯᠡᠷᠡᠵᠦ ᠪᠠᠢᠨ᠎ᠠ᠃ ᠡᠨᠡ ᠨᠢ ᠵᠢᠭᠠᠨ ᠰᠤᠷᠭᠠᠬᠤ ᠵᠢᠷᠤᠭ ᠲᠦᠯᠦᠪᠯᠡᠭᠡᠨ ᠦ ᠦᠭᠡᠷᠡᠴᠢᠯᠡᠯᠲᠡ ᠨᠢ ᠬᠦᠮᠦᠨ ᠢ ᠬᠦᠭᠵᠢᠭᠦᠯᠬᠦ 《ᠬᠠᠨᠳᠤᠰᠢ》 ᠲᠡᠰᠢ ᠰᠢᠯᠵᠢᠨ ᠬᠤᠪᠢᠷᠠᠵᠤ ᠪᠠᠢᠬᠤ ᠶᠢ ᠢᠯᠡᠷᠡᠭᠦᠯᠵᠦ ᠪᠠᠢᠨ᠎ᠠ᠃ ᠲᠤᠰ ᠦᠭᠦᠯᠡᠯ ᠤᠯᠠᠮᠵᠢᠯᠠᠯᠲᠤ ᠵᠢᠭᠠᠨ ᠰᠤᠷᠭᠠᠬᠤ ᠵᠢᠷᠤᠭ ᠲᠦᠯᠦᠪᠯᠡᠭᠡᠨ ᠦ ᠬᠦᠮᠦᠨ ᠨᠡᠢᠭᠡᠮ ᠦᠨ ᠠᠯᠳᠠᠭᠳᠠᠯ ᠪᠠ ᠬᠦᠷᠦᠯᠴᠡᠬᠦ ᠦᠭᠡᠢ ᠲᠠᠯ᠎ᠠ ᠶᠢ ᠳᠤᠷᠠᠳᠴᠤ᠂ ᠵᠢᠭᠠᠨ ᠰᠤᠷᠭᠠᠬᠤ ᠵᠢᠷᠤᠭ ᠲᠦᠯᠦᠪᠯᠡᠭᠡᠨ ᠦ ᠣᠨᠣᠯ ᠤᠨ ᠲᠠᠯ᠎ᠠ ᠠᠴᠠ ᠰᠢᠨ᠎ᠡ ᠬᠢᠴᠢᠶᠡᠯᠡᠯᠭᠡ ᠶᠢᠨ ᠵᠢᠭᠠᠨ ᠰᠤᠷᠭᠠᠬᠤ ᠵᠢᠷᠤᠭ ᠲᠦᠯᠦᠪᠯᠡᠭᠡᠨ ᠦ ᠬᠦᠮᠦᠨ ᠨᠡᠢᠭᠡᠮ ᠦᠨ ᠦᠷᠲᠡᠭ ᠦᠨ ᠴᠢᠭᠯᠡᠯ ᠦᠨ ᠣᠨᠴᠠᠯᠢᠭ ᠢ ᠦᠭᠦᠯᠡᠨ ᠳᠤᠳᠤᠷᠬᠠᠢᠯᠠᠪᠠ᠃ |
原文 |
没有原文
|
出自 |
内蒙古师范大学学报(自然科学蒙古文版)
2015年
第3期
|