摘要 |
ᠪᠠᠷᠠᠭᠤᠨ ᠪᠠᠭᠠᠷᠢᠨ ᠤ ᠪᠠᠳᠢᠷᠴᠢ ᠯᠠᠮᠠ ᠱᠠᠭᠳᠠᠷ ᠭᠡᠭᠰᠡᠭᠡᠷ ᠪᠠᠭᠠᠷᠢᠨ ᠤ ᠲᠤᠭᠤᠷᠢᠨ ᠳ᠋ᠡᠬᠢ ᠭᠡᠳᠦᠨ ᠬᠤᠰᠢᠭᠤ ᠪᠠᠢᠳᠤᠭᠠᠢ ᠪᠦᠬᠦ ᠠᠷᠤ ᠦᠪᠦᠷ ᠮᠣᠩᠭᠤᠯᠴᠤᠳ ᠲᠦ ᠴᠦ ᠮᠡᠳᠡᠬᠦ ᠦᠭᠡᠢ ᠬᠦᠮᠦᠨ ᠬᠤᠪᠤᠷ ᠶᠣᠮ᠃ ᠱᠠᠭᠳᠠᠷ ᠭᠡᠵᠦ ᠡᠨᠡ ᠬᠦ《ᠰᠤᠯᠢᠶᠠᠲᠤ 》ᠶᠢᠨ ᠨᠡᠷ ᠡ ᠵᠢ ᠲᠤᠷᠠᠳᠬᠤ ᠲᠠᠢ ᠵᠡᠷᠭᠡ ᠬᠦᠮᠦᠰ ᠡᠷᠭᠡ ᠦᠭᠡᠢ ᠬᠤᠶᠠᠷ ᠲᠠᠶᠠᠭ ᠲᠤᠯᠵᠤ᠂ ᠬᠠᠪᠴᠢᠭ ᠪᠤᠭᠤᠳᠠᠯ ᠡᠭᠦᠷᠦᠭᠰᠡᠨ᠂ ᠨᠤᠶᠠᠳ ᠦᠵᠡᠪᠡᠯ ᠶᠤᠵᠤᠯᠠᠵᠤ᠂ ᠨᠤᠬᠠᠢ ᠦᠵᠡᠪᠡᠯ ᠴᠣᠣᠬᠢᠭᠤᠯᠵᠤ ᠶᠠᠪᠤᠳᠠᠭ ᠬᠡᠯᠡ ᠬᠤᠩᠰᠢᠶᠠᠷ ᠤᠷᠠᠨ ᠲᠠᠢ ᠂ ᠬᠠᠢᠷ ᠠ ᠬᠤᠷᠤᠰᠤᠯ ᠲᠤᠳᠤᠷᠬᠠᠢ᠂ ᠬᠤᠶᠠᠷ ᠵᠠᠪᠵᠢᠨ ᠳ᠋ᠠᠭᠠᠨ ᠬᠡᠵᠢᠶᠡᠳᠡ ᠱᠤᠤᠯᠠᠯ ᠤᠨ ᠢᠨᠢᠶᠡᠳᠦ ᠲᠤᠳᠤᠷᠠᠭᠤᠯᠤᠭᠰᠠᠨ ᠶᠠᠳᠠᠭᠤ ᠪᠣᠯᠪᠠᠴᠦ ᠶᠠᠰᠤ ᠴᠢᠩᠭ ᠠ ᠲᠠᠢ᠂ ᠶᠠᠳᠠᠭᠰᠠᠨ ᠪᠣᠯᠪᠠᠴᠦ ᠢᠯᠠᠭᠴᠢ ᠶᠢᠨ ᠤᠮᠤᠭ ᠲᠠᠢ ᠡᠢᠮᠦ ᠨᠢᠭᠡᠨ ᠡᠩ ᠤᠨ ᠶᠡᠷᠦᠮᠳᠡᠭ ᠮᠦᠷᠲᠡᠭᠡᠨ ᠡᠭᠡᠯ ᠵᠢᠷ ᠤᠨ ᠪᠣᠰᠤ᠂ ᠨᠤᠶᠠᠳ ᠶᠡᠭᠡᠰ ᠢ ᠡᠰᠡᠷᠭᠦᠴᠡᠭᠴᠢ ᠶᠢᠨ ᠲᠦᠷᠢ ᠵᠢ ᠤᠯᠵᠦ ᠬᠠᠷᠠᠬᠤ ᠪᠣᠯᠤᠨ᠎ᠠ᠃ |