题名 |
ᠤᠯᠠᠮᠵᠢᠯᠠᠯᠲᠤ ᠪᠢᠴᠢᠯᠭᠡ ᠵᠢᠷᠤᠯᠭ᠋ ᠠ ᠶᠢᠨ ᠨᠡᠷ ᠡ ᠵᠢ ᠵᠦᠪ ᠰᠡᠷᠭᠦᠭᠡᠨ ᠬᠡᠷᠡᠭᠯᠡᠬᠦ ᠲᠣᠬᠠᠢ |
作者 |
ᠪ᠂ᠴᠢᠯᠠᠭᠤᠨ |
关键词 |
ᠦᠰᠦᠭ ᠤᠨ ᠵᠢᠷᠤᠯᠭ᠋ ᠠ; ᠬᠡᠯᠡ ᠵᠦᠢ; ᠪᠦᠲᠦᠴᠡ ᠪᠦᠷᠢᠯᠳᠦᠯ; ᠨᠡᠷᠡᠯᠡᠯᠲᠡ ᠬᠡᠯᠡᠯᠭᠡ |
摘要 |
ᠬᠡᠯᠡ ᠵᠦᠢ ᠶᠢᠨ ᠨᠡᠷᠡᠢᠢᠳᠦᠯ᠂ᠪᠢᠴᠢᠯᠭᠡ ᠵᠢᠷᠤᠯᠭ᠋ ᠠ ᠶᠢᠨ ᠨᠡᠷᠡᠢᠳᠦᠯ ᠤᠨ ᠮᠠᠷᠲᠠᠭᠳᠠᠵᠤ ᠪᠠᠢᠢᠭ᠋ ᠠ ᠪᠠ ᠸᠿᠾᠢᠭᠳᠠᠩ ᠬᠡᠬᠡᠭ᠍ᠲᠡᠵᠦ ᠪᠠᠢᠢᠭ᠋ ᠠ ᠪᠠᠢᠢᠳᠠᠯ ᠲᠣᠣᠷ ᠠ ᠮᠠᠨ ᠤ ᠰᠤᠷᠴᠤ ᠰᠣᠳᠤᠯᠵᠤ᠂ ᠡᠵᠡᠮᠰᠢᠨ ᠬᠡᠷᠡᠭᠯᠡᠵᠦ ᠪᠠᠢᠢᠭ᠋ ᠠ ᠬᠣᠲᠤᠮ ᠪᠢᠴᠢᠭ᠌ ᠢ (ᠣᠢᠢᠭᠤᠷᠵᠢᠨ ᠮᠣᠩᠭ᠋ᠤᠯ ᠪᠢᠴᠢᠭ᠌)ᠪᠣᠶᠣ ᠤᠯᠠᠮᠵᠢᠯᠠᠯᠲᠤ ᠮᠣᠩᠭ᠋ᠤᠯ ᠦᠰᠦᠭ ᠪᠢᠴᠢᠭ᠌ ᠢ ᠬᠡᠷᠬᠢᠨ ᠪᠢᠴᠢᠬᠦ᠂ ᠲᠡᠳᠡᠭᠡᠷ ᠪᠢᠴᠢᠯᠭᠡ ᠵᠢᠷᠤᠯᠭ᠋ ᠠ ᠵᠢ ᠬᠡᠷᠬᠢᠨ ᠨᠡᠷᠡᠯᠡᠬᠦ᠂ ᠶᠠᠮᠠᠷ ᠠᠷᠭ᠋ ᠠ ᠪᠡᠷ ᠣᠨᠤᠭᠠᠨ ᠨᠡᠷᠡᠯᠵᠦ ᠪᠠᠢᠢᠭᠰᠠᠨ ᠢ ᠰᠣᠳᠤᠯᠬᠤ ᠨᠢ ᠮᠣᠩᠭ᠋ᠤᠯ ᠦᠰᠦᠭ ᠪᠢᠴᠢᠭ᠌ ᠤᠨ ᠲᠡᠦᠬᠡᠨ ᠬᠦᠭ᠍ᠵᠢᠯ ᠢ ᠲᠣᠳᠤᠷᠠᠭᠤᠯᠬᠤ ᠵᠢᠴᠢ ᠬᠣᠢᠢᠰᠢᠲᠠ ᠤᠨ ᠮᠣᠩᠭ᠋ᠤᠯ ᠦᠰᠦᠭ ᠪᠢᠴᠢᠭ᠌ ᠤᠨ ᠰᠣᠳᠣᠯᠤᠯ ᠪᠣᠯᠤᠨ ᠵᠢᠭᠠᠨ ᠰᠤᠷᠭᠠᠯᠲᠠ ᠶᠢᠨ ᠠᠵᠢᠯ ᠳᠤ ᠠᠯᠤᠰ ᠬᠡᠳᠦ ᠶᠢᠨ ᠠᠴᠢ ᠬᠣᠯᠪᠤᠭᠳᠠᠯ ᠲᠠᠢ ᠶᠣᠮ᠃ ᠲᠡᠷᠡᠴᠢᠯᠠᠨ ᠬᠡᠦᠬᠡᠳ ᠲᠡᠭᠦᠦ ᠨᠠᠷ ᠨᠢ ᠬᠠᠷᠠᠬᠠᠨ ᠪᠠᠭ᠋ ᠠ ᠡᠴᠡ ᠨᠢ ᠡᠬᠡ ᠮᠣᠩᠭ᠋ᠤᠯ ᠬᠡᠯᠡ ᠪᠢᠴᠢᠭ᠌ ᠤᠨ ᠪᠦᠷᠢᠯᠳᠦᠯ ᠲᠣᠭᠲᠠᠯᠴᠠᠭ᠋ ᠠ᠂ᠢᠷᠡᠯᠲᠡ ᠡᠭᠦᠰᠦᠯ ᠴᠣᠬᠤᠮ ᠶᠠᠮᠠᠷ ᠪᠠᠢᠢᠭᠰᠠᠨ ᠢ ᠣᠢᠢᠯᠠᠭᠠᠭᠤᠯᠵᠤ᠂ᠦᠰᠦᠭ ᠤᠨ ᠵᠢᠷᠤᠯᠭ᠋ ᠠ ᠪᠢᠴᠢᠯᠭᠡ ᠵᠢ ᠵᠦᠪ ᠤᠨᠤᠪᠴᠢᠲᠠᠢ᠂ ᠪᠦᠷᠢᠨ ᠲᠦᠭᠦᠷ ᠦᠪᠯᠡᠭᠦᠯᠬᠦ ᠶᠠᠪᠤᠳᠠᠯ ᠪᠣᠯ ᠦᠷᠭᠡᠨ ᠣᠯᠠᠨ ᠮᠣᠩᠭ᠋ᠤᠯ ᠬᠡᠯᠡ ᠪᠢᠴᠢᠭ᠌ ᠤᠨ ᠠᠵᠢᠯᠲᠠᠳ᠂ ᠮᠣᠩᠭ᠋ᠤᠯ ᠬᠡᠯᠡᠨ ᠤ ᠪᠠᠭᠰᠢ ᠨᠠᠷ ᠤᠨ ᠲᠠᠷᠬᠠᠨ ᠬᠠᠷᠢᠭᠤᠴᠠᠯᠭ᠋ ᠠ ᠪᠦᠭᠡᠳ ᠡᠬᠡ ᠮᠣᠩᠭ᠋ᠤᠯ ᠬᠡᠯᠡ ᠪᠠᠨ ᠲᠡᠭᠡᠳᠦᠯᠡᠨ ᠰᠤᠷᠬᠤ ᠪᠡᠷ ᠪᠠᠢᠢᠭ ᠠ ᠮᠣᠩᠭ᠋ᠤᠯ ᠬᠡᠦᠬᠡᠳ ᠢᠷᠡᠭᠡᠳᠦᠢ ᠳᠤ ᠮᠣᠩᠭ᠋ᠤᠯ ᠬᠡᠯᠡ ᠰᠣᠶᠣᠯ᠂ ᠬᠡᠯᠡᠨ ᠤ ᠲᠡᠦᠬᠡ᠂ ᠬᠡᠯᠡᠨ ᠤ ᠪᠦᠷᠢᠯᠳᠦᠯ᠂ ᠮᠣᠩᠭ᠋ᠤᠯ ᠦᠰᠦᠭ ᠪᠢᠴᠢᠭ᠌ ᠤᠨ ᠲᠣᠭᠲᠠᠯᠴᠠᠭ᠋ ᠠ ᠵᠢ ᠣᠢᠢᠯᠠᠭᠠᠨ ᠡᠵᠡᠮᠰᠢᠬᠦ᠂ ᠬᠠᠢᠢᠷᠠᠯᠠᠨ ᠨᠠᠨᠳᠢᠩᠨᠠᠬᠦ᠂ ᠦᠪᠯᠡᠨ ᠭᠦᠭᠵᠢᠭᠦᠯᠬᠦ ᠶᠢᠨ ᠪᠠᠲᠤ ᠪᠡᠬᠢ ᠰᠠᠭᠤᠷᠢ ᠪᠣᠯᠬᠤ ᠨᠢ ᠲᠠᠮᠵᠢᠭ ᠦᠭᠡᠢ᠃ |
原文 |
查看原文
|
出自 |
中国蒙古学
2012年
第5期
|