题名 |
ᠠᠩᠭ᠍ᠯᠢ ᠪᠠ ᠮᠣᠩᠭᠤᠯ ᠵᠤᠢᠷ ᠰᠡᠴᠡᠨ ᠦᠭᠡ ᠶᠢᠨ ᠵᠦᠷᠢᠶᠡᠲᠦ ᠴᠢᠨᠠᠷ ᠪᠤᠯᠤᠨ ᠨᠡᠢᠲᠡᠯᠢᠭ ᠴᠢᠨᠠᠷ ᠢ ᠬᠠᠷᠢᠴᠠᠭᠤᠯᠤᠨ ᠦᠭᠦᠯᠡᠬᠦ ᠨᠢ |
作者 |
ᠪᠠᠢ ᠲᠠᠨ᠎ᠠ |
关键词 |
ᠵᠤᠢᠷ ᠰᠡᠴᠡᠨ ᠦᠭᠡ; ᠰᠤᠶᠤᠯ ᠤᠨ ᠵᠦᠷᠢᠶᠡᠲᠦ ᠴᠢᠨᠠᠷ; ᠰᠤᠶᠤᠯ ᠤᠨ ᠨᠡᠢᠲᠡᠯᠢᠭ ᠴᠢᠨᠠᠷ |
摘要 |
ᠵᠤᠢᠷ ᠰᠡᠴᠡᠨ ᠦᠭᠡ ᠪᠤᠯ ᠳᠡᠯᠡᠬᠡᠢ ᠶᠢᠨ ᠡᠯ᠎ᠡ ᠦᠨᠳᠦᠰᠦᠲᠡᠨ ᠦ ᠠᠷᠠᠳ ᠲᠦᠮᠡᠨ ᠤᠷᠲᠤ ᠬᠤᠭᠤᠴᠠᠭᠠᠨ ᠤ ᠠᠮᠢᠳᠤᠷᠠᠯ ᠬᠦᠳᠡᠯᠮᠦᠷᠢ ᠳᠤᠮᠳᠠ ᠪᠠᠨ ᠬᠤᠷᠠᠮᠳᠤᠭᠤᠯᠤᠨ ᠴᠤᠭᠯᠠᠭᠤᠯᠤᠭᠰᠠᠨ ᠰᠤᠶᠤᠯ ᠤᠨ ᠦᠪ ᠬᠦᠷᠦᠩᠭᠡ ᠶᠤᠮ᠃ ᠵᠤᠢᠷ ᠰᠡᠴᠡᠨ ᠦᠭᠡ ᠨᠢ ᠲᠤᠪᠴᠢ ᠠᠪᠰᠠᠷᠬᠠᠨ᠂ ᠤᠳᠬ᠎ᠠ ᠲᠡᠭᠦᠯᠳᠡᠷ᠂ ᠬᠤᠱᠤᠩ ᠶᠦᠮᠦᠷᠯᠢᠭ ᠵᠡᠷᠭᠡ ᠣᠨᠴᠠᠯᠢᠭ ᠲᠠᠢ ᠪᠠᠢᠵᠤ᠂ ᠠᠮᠢᠳᠤᠷᠠᠯ ᠤᠨ ᠭᠦᠨ ᠤᠬᠠᠭᠠᠨ ᠢ ᠠᠮᠢᠳᠤᠯᠢᠭ ᠳᠦᠷᠰᠦᠯᠢᠭ ᠢᠶᠡᠷ ᠢᠯᠡᠷᠡᠭᠦᠯᠵᠦ᠂ ᠦᠨᠳᠦᠰᠦᠲᠡᠨ ᠦ ᠬᠡᠪ ᠨᠠᠮᠪᠠᠭ᠎ᠠ᠂ ᠬᠡᠯᠡ ᠰᠤᠶᠤᠯ ᠤᠨ ᠣᠭᠢ ᠰᠤᠳᠤ ᠶᠢ ᠬᠠᠷᠠᠭᠤᠯᠳᠠᠭ ᠪᠠᠢᠨ᠎ᠠ᠃ ᠦᠭᠦᠯᠡᠯ ᠳᠦ᠂ ᠵᠤᠢᠷ ᠰᠡᠴᠡᠨ ᠦᠭᠡ ᠶᠢᠨ ᠤᠬᠠᠭᠳᠠᠬᠤᠨ ᠢ ᠲᠤᠳᠤᠷᠬᠠᠢᠯᠠᠨ᠂ ᠣᠨᠴᠠᠯᠢᠭ ᠢ ᠵᠠᠳᠠᠯᠬᠤ ᠪᠠᠷ ᠳᠠᠮᠵᠢᠨ ᠠᠩᠭ᠍ᠯᠢ ᠪᠠ ᠮᠣᠩᠭᠤᠯ ᠢᠶᠠᠷ ᠰᠡᠴᠡᠨ ᠦᠭᠡᠨ ᠳᠦ ᠢᠯᠡᠷᠡᠭᠦᠯᠦᠭᠰᠡᠨ ᠰᠤᠶᠤᠯ ᠤᠨ ᠵᠦᠷᠢᠶᠡᠨᠲᠦ ᠴᠢᠨᠠᠷ ᠪᠤᠯᠤᠨ ᠨᠡᠢᠲᠡᠯᠢᠭ ᠴᠢᠨᠠᠷ ᠢ ᠰᠢᠨᠵᠢᠯᠡᠨ᠂ ᠠᠩᠭ᠍ᠯᠢ ᠵᠤᠢᠷ ᠰᠡᠴᠡᠨ ᠦᠭᠡ ᠶᠢ ᠮᠣᠩᠭᠤᠯ ᠢᠶᠠᠷ ᠣᠷᠴᠢᠭᠤᠯᠬᠤ ᠳᠤ ᠠᠩᠬᠠᠷᠤᠭᠤᠰᠢᠲᠠᠢ ᠬᠡᠳᠦᠨ ᠠᠰᠠᠭᠤᠳᠠᠯ ᠢ ᠵᠢᠭᠠᠨ ᠭᠠᠷᠭᠠᠵᠤ᠂ ᠰᠤᠶᠤᠯ ᠤᠨ ᠰᠤᠯᠢᠯᠴᠠᠭ᠎ᠠ ᠨᠢ ᠭᠠᠳᠠᠭᠠᠳᠤ ᠬᠡᠯᠡᠨ ᠦ ᠰᠤᠷᠤᠯᠴᠠᠯᠭ᠎ᠠ ᠳᠤ ᠴᠢᠬᠤᠯᠠ ᠰᠠᠭᠤᠷᠢ ᠪᠤᠯᠳᠠᠭ ᠭᠡᠳᠡᠭ ᠦᠵᠡᠯᠲᠡ ᠶᠢ ᠲᠤᠳᠤᠷᠬᠠᠢᠯᠠᠪᠠ᠃ |
原文 |
查看原文
|
出自 |
中国蒙古学
2015年
第2期
|