题名 |
ᠮᠣᠩᠭᠤᠯ ᠡᠮ ᠢᠶᠡᠷ ᠬᠤᠳᠤᠷᠢᠩᠬᠠᠢ ᠭᠡᠳᠡᠰᠦᠨ ᠦ ᠰᠢᠷᠬᠠᠯᠠᠭᠠ ᠶᠢᠨ ᠴᠢᠨ᠋ᠠᠷᠲᠠᠢ ᠦᠷᠪᠢᠰᠦᠯ ᠢ ᠵᠠᠰᠠᠭᠰᠠᠨ 100 ᠵᠢᠱᠢᠶᠡ ᠶᠢᠨ ᠮᠡᠳᠡᠭᠦᠯᠦᠯᠲᠡ |
作者 |
ᠬᠠᠢ ᠶᠢᠨ ᠹᠧᠩ; ᠪᠤᠤ ᠭᠤᠸᠠᠩ ᠬᠤᠸᠠ; ᠪᠠᠶᠠᠨᠮᠦ᠋ᠩᠬᠡ |
关键词 |
ᠬᠤᠳᠤᠷᠢᠩᠬᠠᠢ ᠭᠡᠳᠡᠰᠦᠨ ᠦ ᠦᠷᠪᠢᠰᠦᠯ᠂ ᠰᠢᠷᠬᠠᠯᠠᠭᠠ ᠶᠢᠨ ᠴᠢᠨ᠋ᠠᠷᠲᠠᠢ; ᠮᠣᠩᠭᠤᠯ ᠡᠮ ᠢᠶᠡᠷ ᠵᠠᠰᠠᠬᠤ ᠠᠷᠭᠠ |
摘要 |
ᠬᠤᠳᠤᠷᠢᠩᠬᠠᠢ ᠭᠡᠳᠡᠰᠦᠨ ᠦ ᠰᠢᠷᠬᠠᠯᠠᠭᠠ ᠶᠢᠨ ᠴᠢᠨ᠋ᠠᠷᠲᠠᠢ ᠦᠷᠪᠢᠰᠦᠯ ᠪᠦᠬᠦᠢ 190 ᠵᠢᠱᠢᠶᠡ ᠡᠪᠡᠳᠴᠢᠲᠡᠨ ᠢ ᠲᠠᠰᠢᠷᠠᠮ ᠢᠶᠠᠷ ᠨᠢ ᠡᠮᠨ᠋ᠡᠨ ᠵᠠᠰᠠᠬᠤ ᠳᠤᠭ᠋ᠤᠢᠯᠠᠩ ᠪᠠ ᠬᠠᠷᠢᠴᠠᠭ᠋ᠤᠯᠤᠭᠴᠢ ᠳᠤᠭ᠋ᠤᠢᠯᠠᠩ ᠭᠡᠵᠦ 2 ᠳᠤᠭ᠋ᠤᠢᠯᠠᠩ ᠬᠤᠪᠢᠶᠠᠵᠤ᠂ ᠡᠮᠨ᠋ᠡᠨ ᠵᠠᠰᠠᠬᠤ ᠳᠤᠭ᠋ᠤᠢᠯᠠᠩ ᠤᠨ ᠡᠪᠡᠳᠴᠢᠲᠡᠨ ᠳᠦ ᠪᠤᠷᠤ ᠶᠢᠨ ᠲᠠᠯᠬᠠ ᠶᠢ ᠤᠤᠭ᠋ᠤᠯᠭ᠋ᠠᠬᠤ ᠶᠢᠨ ᠬᠠᠮᠲᠤ ᠬᠠᠳᠠᠭ᠋ᠠᠭᠴᠢ -7 ᠪᠡᠷ ᠨᠢᠷᠤᠬᠠ ᠲᠠᠯᠪᠢᠵᠤ᠂ ᠬᠠᠷᠢᠴᠠᠭ᠋ᠤᠯᠬᠤ ᠳᠤᠭ᠋ᠤᠢᠯᠠᠩ ᠤᠨ ᠡᠪᠡᠳᠴᠢᠲᠡᠨ ᠳᠦ ᠯᠢᠦ ᠳ᠋ᠠᠨ ᠬᠤᠸᠠᠩ ᠠᠨ ᠪᠢ ᠳ᠋ᠢᠩ ᠢ ᠤᠤᠭ᠋ᠤᠯᠭ᠋ᠠᠬᠤ ᠶᠢᠨ ᠬᠠᠮᠲᠤ ᠳ᠋ᠧᠺᠰᠠᠮᠧᠲ᠋ᠠᠰᠤᠨ ᠢᠶᠠᠷ ᠨᠢᠷᠤᠬᠠ ᠲᠠᠯᠢᠪᠵᠤ ᠵᠠᠰᠠᠵᠠᠢ᠃ 90 ᠡᠳᠦᠷ ᠦᠨ ᠡᠮᠴᠢᠯᠡᠭᠡᠨ ᠦ ᠳᠠᠷᠠᠭᠠ ᠬᠤᠶᠠᠷ ᠳᠤᠭ᠋ᠤᠢᠯᠠᠩ ᠤᠨ ᠡᠳᠡᠭᠡᠷᠡᠭᠰᠡᠨ ᠨᠤᠷᠮᠠ ᠨᠢ ᠲᠤᠰ ᠲᠤᠰ 67%᠂ 42.22% ᠪᠠᠢᠵᠤ᠂ ᠶᠡᠷᠦᠩᠬᠡᠢ ᠲᠤᠰᠠᠴᠠ ᠨᠢ ᠲᠤᠰ ᠲᠤᠰ 97% ᠪᠤᠯᠤᠨ 76.66% ᠪᠠᠢᠪᠠ (p<0.01)᠃ ᠡᠮᠴᠢᠯᠡᠭᠡᠨ ᠦ ᠳ᠋ᠦᠩ ᠦᠨ ᠬᠠᠷᠠᠭ᠋ᠤᠯᠤᠭᠰᠠᠨ ᠢᠶᠠᠷ᠂ ᠪᠤᠷᠤ ᠶᠢᠨ ᠲᠠᠯᠬᠠ ᠶᠢ ᠤᠤᠭ᠋ᠤᠯᠭ᠋ᠠᠬᠤ ᠶᠢᠨ ᠬᠠᠮᠲᠤ ᠬᠠᠳᠠᠭ᠋ᠠᠭᠴᠢ -7 ᠪᠠᠷ ᠨᠢᠷᠤᠬᠠ ᠲᠠᠯᠪᠢᠵᠤ ᠵᠠᠰᠠᠬᠤ ᠠᠷᠭᠠ ᠶᠢᠨ ᠡᠮᠨ᠋ᠡᠯ ᠤᠨ ᠲᠤᠰᠠᠴᠠ ᠨᠢ ᠡᠸᠦ᠋ᠷᠦᠫᠡ ᠡᠮ ᠢᠶᠡᠷ ᠵᠠᠰᠠᠭᠰᠠᠨ ᠳᠤᠭ᠋ᠤᠢᠯᠠᠩ ᠤᠨ ᠡᠬᠢ ᠡᠴᠡ ᠢᠯᠡᠳᠲᠡ ᠰᠠᠢᠨ ᠪᠠᠢᠨᠠ᠃ |
原文 |
没有原文
|
出自 |
内蒙古民族大学学报(自然科学)
2001年
第2期
|