摘要 |
《ᠬᠦᠬᠡ ᠰᠤᠳᠤᠷ》 ᠤᠨ ᠠᠩᠬ᠎ᠠ ᠣᠷᠤᠰᠢᠯ ᠪᠤᠯ 《ᠴᠠᠭ᠋ᠠᠨ ᠲᠡᠦᠬᠡ》 ᠶᠢᠨ ᠨᠢᠭ᠋ᠤᠴᠠ ᠶᠢ ᠵᠠᠳᠠᠷᠠᠭ᠋ᠤᠯᠬᠤ ᠡᠷᠳᠡᠨ᠋ᠢ ᠶᠢᠨ ᠲᠦᠯᠬᠢᠭᠦᠷ ᠮᠦᠨ᠃ ᠬᠤᠶᠠᠷ ᠵᠤᠬᠢᠶᠠᠯ ᠢ ᠬᠠᠷᠢᠯᠴᠠᠨ ᠲᠤᠯᠭ᠋ᠠᠵᠤ ᠰᠢᠨᠴᠢᠪᠡᠯ᠂ ᠪᠢᠳᠡᠨ ᠦ ᠭᠡᠷᠡᠴᠢ ᠪᠠᠷᠢᠮᠲᠠ ᠪᠠᠷ ᠮᠦᠴᠢᠳᠭᠡᠨ ᠦᠩᠭᠡᠷᠡᠭᠰᠡᠨ ᠦ ᠮᠠᠶᠢᠭ ᠲᠦᠪᠡᠭ ᠲᠡᠢ ᠦᠵᠡᠯᠲᠡ ᠣᠢᠯᠠᠭ᠋ᠠᠯᠲᠠ ᠶᠢ ᠨᠡᠩ ᠯᠠᠪᠳᠠᠭ᠋ᠤᠨ ᠨᠤᠲᠠᠲᠠᠢ ᠪᠠᠲᠤᠯᠠᠬᠤ ᠪᠠᠷ ᠦᠯᠦ ᠪᠠᠷᠠᠨ᠂ ᠴᠢᠨ᠋ᠠᠭᠰᠢᠯᠠᠪᠠᠯ ᠪᠢᠳᠡᠨ ᠦ ᠵᠠᠷᠢᠮ ᠵᠠᠷᠴᠢᠮ ᠤᠨ ᠴᠢᠨ᠋ᠠᠷᠲᠠᠢ ᠨᠠᠵᠠᠭ᠋ᠠᠢ ᠲᠠᠨ᠋ᠢᠯᠲᠠ ᠶᠢ ᠴᠤ ᠲᠤᠳᠤᠯᠤᠨ ᠲᠤᠯᠢᠳᠠᠵᠤ ᠵᠠᠯᠠᠷᠠᠭ᠋ᠤᠯᠤᠨ ᠲᠡᠦᠬᠡ ᠶᠢᠨ ᠦᠨ᠋ᠡᠨ ᠢ ᠰᠡᠷᠭᠦᠭᠡᠬᠦ ᠪᠤᠯᠤᠨ᠎ᠠ᠃ 《ᠴᠠᠭ᠋ᠠᠨ ᠲᠡᠦᠬᠡ》 ᠪᠤᠯ ᠬᠤᠪᠢᠯᠠᠢ ᠰᠡᠴᠡᠨ ᠬᠠᠭ᠋ᠠᠨ ᠤ ᠬᠠᠤᠯᠢ ᠴᠠᠭ᠋ᠠᠵᠠ᠂ ᠵᠠᠷᠯᠢᠭ ᠲᠤᠭᠲᠠᠭ᠋ᠠᠯ ᠤᠨ ᠡᠮᠬᠢᠳᠭᠡᠯ ᠪᠤᠯᠬᠤ ᠠᠵᠢ᠃ |