题名 |
ᠴᠢᠩ ᠤᠯᠤᠰ ᠪᠤᠯᠤᠨ ᠢᠷᠭᠡᠨ ᠤᠯᠤᠰ ᠤᠨ ᠦᠶ ᠠ ᠶᠢᠨ ᠲᠦᠮᠡᠳ ᠤᠨ ᠨᠡᠭᠦᠷᠡᠰᠦᠨ ᠤ ᠲᠦᠷᠢᠶᠡᠰᠦᠨ ᠭᠠᠢᠯᠢ ᠶᠢᠨ ᠲᠤᠬᠠᠢ ᠰᠢᠨᠵᠢᠯᠡᠯ |
作者 |
ᠪᠤ ᠶᠢᠨ ᠱᠠᠨ |
关键词 |
ᠴᠢᠩ ᠤᠯᠤᠰ; ᠢᠷᠭᠡᠨ ᠤᠯᠤᠰ; ᠲᠦᠮᠡᠳ ᠵᠡᠬᠦᠨ ᠪᠠᠷᠠᠭᠤᠨ ᠭᠠᠷ ᠤᠨ ᠬᠤᠶᠠᠷ ᠬᠤᠰᠢᠭᠤ; ᠨᠡᠭᠦᠷᠡᠰᠦᠨ ᠤ ᠲᠦᠷᠢᠶᠡᠰᠦᠨ ᠭᠠᠢᠯᠢ |
摘要 |
ᠨᠡᠭᠦᠷᠡᠰᠦᠨ ᠤ ᠲᠦᠷᠢᠶᠡᠰᠦᠨ ᠭᠠᠢᠯᠢ ᠪᠤᠯ ᠴᠢᠩ ᠤᠯᠤᠰ ᠪᠤᠯᠤᠨ ᠢᠷᠭᠡᠨ ᠤᠯᠤᠰ ᠤᠨ ᠦᠶ ᠠ ᠶᠢᠨ ᠲᠦᠮᠡᠳ ᠤᠨ ᠬᠠᠮᠤᠭ ᠴᠢᠬᠤᠯᠠ ᠡᠳ᠋ ᠤᠨ ᠵᠠᠰᠠᠭ ᠤᠨ ᠤᠷᠤᠯᠭ᠎ᠠ ᠶᠢᠨ ᠢᠷᠡᠯᠲᠡ ᠪᠠᠢᠭᠰᠠᠨ ᠮᠦᠷᠲᠡᠭᠡᠨ ᠬᠤᠰᠢᠭᠤ ᠵᠠᠰᠠᠭ ᠤᠨ ᠠᠯᠪᠠᠨ ᠶᠠᠪᠤᠳᠠᠯ ᠤᠨ ᠬᠡᠷᠡᠭᠯᠡᠭᠡ ᠵᠠᠷᠤᠯᠭ᠎ᠠ ᠶᠢᠨ ᠭᠤᠤᠯ ᠢᠷᠡᠯᠲᠡ ᠪᠤᠯᠵᠤ ᠪᠠᠢᠵᠠᠢ᠃ᠴᠢᠩ ᠤᠯᠤᠰ ᠪᠤᠯᠤᠨ ᠢᠷᠭᠡᠨ ᠤᠯᠤᠰ ᠤᠨ ᠦᠶ ᠠ ᠳ᠋ᠤ ᠲᠤᠬᠠᠢ ᠶᠢᠨ ᠵᠠᠰᠠᠭ ᠤᠨ ᠤᠷᠳᠤᠨ ᠡᠴᠡ ᠲᠦᠮᠡᠨ ᠣᠨᠴᠠᠭᠠᠢ ᠬᠤᠰᠢᠭᠤᠨ ᠳ᠋ᠤ ᠬᠠᠷᠢᠬᠢᠰ ᠲᠠᠷᠤᠯᠠᠯ ᠮᠦᠯᠵᠢᠯ ᠤᠨ ᠲᠦᠷᠦ ᠶᠢᠨ ᠪᠤᠳᠤᠯᠭ᠎ᠠ ᠵᠢ ᠭᠡᠷᠡᠭᠡᠵᠢᠬᠦᠯᠵᠦ ᠪᠠᠢᠭᠰᠠᠨ ᠡᠴᠡ ᠲᠦᠡᠮᠳ ᠤᠨ ᠡᠳ᠋ ᠤᠨ ᠵᠠᠰᠠᠭ ᠤᠨ ᠤᠷᠤᠯᠭ᠎ᠠ ᠡᠳᠦᠷ ᠢᠷᠡᠬᠦᠶ ᠠ ᠬᠤᠮᠰᠠᠳᠠᠨ᠂ ᠬᠤᠰᠢᠭᠤᠨ ᠤ ᠠᠷᠠᠳ ᠤᠨ ᠪᠠᠢᠷᠢ ᠰᠠᠭᠤᠷᠢ ᠡᠳᠦᠷ ᠢᠷᠡᠬᠦᠶ ᠠ ᠲᠤᠷᠤᠭᠰᠢᠯᠠᠵᠤ᠂ ᠢᠷᠭᠡᠨ ᠤᠯᠤᠰ ᠤᠨ ᠰᠡᠭᠦᠯᠴᠢ ᠦᠶ ᠠ ᠪᠤᠯᠬᠤ ᠳ᠋ᠤ᠂ ᠲᠦᠮᠡᠳ ᠣᠨᠴᠠᠭᠠᠢ ᠬᠤᠰᠢᠭᠤᠨ ᠤ ᠡᠳ᠋ ᠤᠨ ᠵᠠᠰᠠᠭ ᠨᠢᠭᠡᠨᠲᠡ ᠰᠦᠢᠷᠡᠯ ᠤᠨ ᠬᠡᠮᠵᠢᠶᠠᠨ ᠳ᠋ᠤ ᠬᠦᠷᠦᠭᠰᠡᠨ ᠶᠣᠮ᠃ |
原文 |
查看原文
|
出自 |
内蒙古社会科学(蒙文版)
2016年
第5期
|