摘要 |
ᠲᠤᠤᠯᠢ 《ᠵᠠᠩ᠋ᠭᠠᠷ》ᠪᠤᠯ ᠡᠷᠲᠡᠨ ᠦ ᠮᠣᠩ᠋ᠭᠤᠯᠴᠤᠳ ᠤᠨ ᠰᠤᠶᠤᠯ ᠤᠨ 《ᠪᠦᠷᠢᠨ ᠲᠤᠯᠢ》ᠮᠦᠨ᠃ 《ᠵᠠᠩ᠋ᠭᠠᠷ》ᠲᠤ ᠮᠣᠩ᠋ᠭᠤᠯᠴᠤᠳ ᠤᠨ ᠤᠵᠠᠭᠤᠷ ᠰᠤᠶᠤᠯ ᠮᠠᠰᠢ ᠣᠯᠠᠨ ᠬᠠᠳᠠᠭᠠᠯᠠᠭᠳᠠᠵᠤ ᠪᠠᠢ᠌ᠳᠠᠭ᠃ ᠡᠨᠡ ᠬᠦ ᠰᠤᠶᠤᠯ ᠤᠨ ᠦᠵᠡᠭᠳᠡᠯ ᠨᠢ ᠲᠤᠤᠯᠢ 《ᠵᠠᠩ᠋ᠭᠠᠷ》ᠲᠠᠬᠢ ᠮᠣᠩ᠋ᠭᠤᠯᠴᠤᠳ ᠤᠨ ᠪᠠᠢ᠌ᠭᠠᠯᠢ ᠶᠢᠷᠲᠢᠨᠴᠦ ᠶᠢᠨ ᠲᠦᠮᠡᠨ ᠪᠤᠳᠠᠰ ᠡᠵᠡᠳ ᠣᠩ᠋ᠭᠤᠳ ᠲᠠᠢ ᠬᠡᠮᠡᠨ ᠰᠡᠳᠬᠢᠨ ᠰᠠᠨᠠᠵᠤ ᠲᠡᠭᠦᠨ ᠢ ᠳᠠᠬᠢᠨ ᠰᠢᠲᠦᠬᠦ ᠤᠬᠠᠮᠰᠠᠷ ᠢᠶᠠᠷ ᠢᠯᠡᠷᠡᠳᠡᠭ᠃ ᠡᠳᠡᠭᠡᠷ ᠰᠢᠳᠢᠴᠢᠯᠡᠨ ᠳᠦᠷᠰᠦᠯᠡᠭᠳᠡᠳᠡᠭ ᠦᠵᠡᠭᠳᠡᠯ ᠢ ᠲᠤᠬᠠᠢ ᠶᠢᠨ ᠦᠶ᠎ᠡ ᠶᠢᠨ ᠮᠣᠩ᠋ᠭᠤᠯᠴᠤᠳ ᠤᠨ ᠵᠠᠩ᠋ᠰᠢᠯ ᠰᠤᠶᠤᠯ ᠤᠨ ᠤᠬᠠᠮᠰᠠᠷ ᠭᠡᠵᠦ ᠬᠡᠯᠡᠵᠦ ᠪᠤᠯᠬᠤ ᠶᠤᠮ᠃ ᠲᠤᠰ ᠦᠭᠦᠯᠡᠯ ᠳᠦ ᠰᠤᠶᠤᠯ ᠬᠦᠮᠦᠨ ᠵᠦᠢ ᠶᠢᠨ ᠠᠷᠭ᠎ᠠ ᠪᠠᠷ ᠲᠤᠤᠯᠢ 《ᠵᠠᠩ᠋ᠭᠠᠷ》ᠲᠤ ᠢᠯᠡᠷᠡᠭᠰᠡᠨ ᠮᠣᠩ᠋ᠭᠤᠯᠴᠤᠳ ᠤᠨ ᠵᠠᠩ᠋ᠰᠢᠯ ᠰᠤᠶᠤᠯ ᠤᠨ ᠦᠵᠡᠭᠳᠡᠯ ᠢ ᠳᠡᠯᠭᠡᠨ ᠦᠵᠡᠭᠦᠯᠬᠦ ᠶᠢ ᠬᠢᠴᠢᠶᠡᠪᠡ᠃ |