摘要 |
ᠪᠦᠲᠦᠴᠡ ᠵᠦᠢ ᠶᠢᠨ ᠵᠤᠭᠰᠤᠴᠠ ᠠᠴᠠ ᠦᠵᠡᠪᠡᠯ ᠬᠡᠷᠡᠭ ᠪᠤᠳᠠᠰ ᠤᠨ ᠵᠢᠩᠬᠢᠨᠢ ᠮᠦᠨ ᠴᠢᠨᠠᠷ ᠨᠢ ᠲᠤᠰ ᠪᠡᠶ ᠡ ᠳᠦᠨᠢ ᠣᠷᠤᠰᠢᠳᠠᠭ ᠪᠢᠰᠢ᠂ ᠬᠠᠷᠢᠨ ᠬᠡᠷᠡᠭ ᠪᠤᠳᠠᠰ ᠤᠨ ᠬᠤᠭᠤᠷᠤᠨᠳᠤᠬᠢ ᠪᠦᠲᠦᠴᠡ ᠲᠤᠭᠲᠠᠯᠴᠠᠭ᠎ᠠ ᠵᠢᠴᠢ ᠬᠤᠭᠤᠷᠤᠨᠳᠤᠬᠢ ᠬᠠᠷᠢᠴᠠᠭᠠᠨ ᠳᠤ ᠣᠷᠤᠰᠢᠳᠠᠭ᠃ ᠨᠠᠢᠷ ᠤᠨ ᠳᠠᠭᠤᠤ ᠪᠤᠯ ᠵᠠᠩ ᠦᠢᠯᠡ ᠶᠢᠨ 《ᠪᠦᠬᠦᠯᠢ ᠴᠤᠭᠴᠠ》 ᠪᠤᠯᠬᠤ 《ᠨᠠᠢᠷ ᠬᠤᠷᠢᠮ》 ᠤᠨ ᠪᠦᠲᠦᠴᠡ ᠶᠢᠨ ᠳᠤᠮᠳᠠ ᠤᠶᠠᠯᠳᠤᠭᠰᠠᠨ 《ᠪᠦᠲᠦᠴᠡᠲᠦ ᠰᠢᠨᠵᠢ ᠲᠡᠢ》 ᠰᠤᠶᠤᠯ ᠤᠨ ᠴᠤᠭᠴᠠᠯᠠᠪᠤᠷᠢ ᠪᠤᠯᠬᠤ ᠪᠠᠷ ᠪᠠᠷᠠᠬᠤ ᠦᠭᠡᠢ᠂ ᠳᠤᠲᠤᠭᠠᠳᠤ ᠲᠤᠭᠲᠠᠯᠴᠠᠭ᠎ᠠ ᠶᠢᠨ ᠬᠤᠪᠢ ᠳᠤ ᠤᠳᠬ᠎ᠠ ᠶᠢᠨ ᠴᠤᠭᠴᠠᠯᠠᠪᠤᠷᠢ ᠪᠦᠲᠦᠴᠡ᠂ ᠰᠢᠰᠲ᠋ᠧᠮ ᠦᠨ ᠳᠠᠪᠬᠤᠷᠭ᠎ᠠ ᠳᠠᠷᠠᠭᠠᠯᠠᠯᠲᠤ ᠪᠦᠲᠦᠴᠡ᠂ ᠣᠷᠤᠰᠢᠬᠤ ᠶᠢᠨ ᠵᠠᠭᠪᠤᠷ ᠲᠧᠺᠰᠲ ᠦᠨ ᠤᠶᠠᠯᠳᠤᠯ ᠤᠨ ᠪᠦᠲᠦᠴᠡ ᠲᠡᠢ᠃ |