摘要 |
ᠤᠷᠤᠨᠨᠤᠲᠤᠭ ᠤᠨ ᠣᠨᠴᠠᠯᠢᠭ ᠰᠢᠨᠵᠢ ᠨᠢ ᠬᠠᠮᠤᠭ ᠲᠦᠷᠦᠬᠦᠨ ᠳ᠋ᠤᠨᠤᠲᠤᠭ ᠤᠨ ᠦᠩᠭᠡ ᠪᠣᠳᠤᠭᠲᠠᠢ᠂ ᠦᠨᠦᠷ ᠠᠮᠳᠠᠲᠠᠢ ᠦᠭᠡ ᠬᠡᠯᠡᠯᠭᠡ ᠪᠡᠷ ᠢᠯᠡᠷᠡᠵᠦ ᠪᠠᠢᠳᠠᠭ᠃ ᠨᠤᠲᠤᠭ ᠤᠨ ᠦᠭᠡ ᠬᠡᠯᠡᠯᠭᠡ ᠭᠡᠪᠡᠯ ᠶᠠᠮᠠᠷᠪᠠ ᠬᠦᠮᠦᠨ ᠳ᠋ᠤ ᠦᠯᠦ ᠮᠡᠳᠡᠭᠳᠡᠬᠦ ᠲᠤᠰᠠᠭᠠᠷᠯᠠᠭᠰᠠᠨ ᠨᠤᠰᠢᠭᠤᠨ ᠬᠠᠲᠠᠭᠤ ᠦᠭᠡ ᠬᠡᠯᠡᠯᠭ ᠡᠪᠢᠰᠢ᠂ ᠬᠠᠷᠢᠨ ᠣᠷᠤᠨ ᠨᠤᠲᠤᠭ ᠤᠨ ᠤᠨᠴᠠᠯᠢᠭ ᠪᠠ ᠦᠨᠳᠦᠰᠦᠲᠡᠨ ᠤ ᠣᠨᠴᠠᠯᠢᠭ ᠢ ᠲᠤᠪᠤᠢᠯᠭᠠᠵᠤ ᠲᠤᠳᠤᠷᠬᠠᠢᠯᠠᠬᠤ ᠳ᠋ᠤ ᠲᠤᠳᠠᠭᠳᠠᠵᠤ ᠪᠣᠯᠤᠰᠢ ᠦᠭᠡᠢ ᠴᠢᠰᠤᠨ ᠰᠤᠳᠠᠯ ᠶᠣᠮ᠃ ᠬᠡᠯᠡᠯᠭᠡᠨ ᠦᠭᠡᠢ᠂ ᠪᠢᠲᠡ ᠪᠦᠬᠦᠨ ᠤ ᠮᠡᠳᠡᠭᠡᠵᠢ ᠪᠡᠷ ᠤᠷᠠᠨ ᠵᠣᠬᠢᠶᠠᠯ ᠪᠣᠯ ᠤᠷᠠᠨ ᠪᠠᠶᠠᠯᠢᠭ ᠦᠭᠡ ᠬᠡᠯᠡᠯᠭᠡ ᠪᠡᠷ ᠤᠷᠠᠨ ᠲᠦᠷᠢ ᠵᠢ ᠪᠦᠲᠦᠭᠡᠵᠦ ᠨᠡᠢᠭᠡᠮ ᠤᠨ ᠠᠮᠢᠳᠤᠷᠠᠯ ᠢ ᠲᠤᠰᠬᠠᠲᠠᠭ᠃ ᠤᠷᠠᠨ ᠲᠦᠷᠢ ᠨᠢ ᠭᠡᠳᠦᠢ ᠠᠮᠢᠳᠤᠯᠢᠭ ᠭᠡᠳᠦᠢ ᠲᠦᠷᠰᠦᠯᠢᠭ ᠪᠣᠯᠬᠤ ᠲᠤᠳᠤᠮ ᠤᠷᠠᠨ ᠵᠣᠬᠢᠶᠠᠯᠨᠢ ᠲᠡᠤᠦᠢ ᠴᠢᠨᠠᠷᠯᠢᠭ ᠪᠣᠯᠵᠤ ᠭᠠᠵᠠᠷ ᠤᠷᠤᠨ᠂ ᠦᠨᠳᠦᠰᠦᠲᠡᠨ ᠤ ᠪᠠᠨ ᠰᠣᠶᠣᠯ ᠤᠨ ᠬᠢᠷᠢ ᠬᠡᠮᠵᠢᠶ ᠠ ᠵᠢ ᠬᠡᠮᠵᠢᠬᠦ ᠬᠡᠮᠵᠢᠬᠦᠷ ᠨᠢ ᠪᠣᠯᠳᠠᠭ᠃ ᠡᠢᠮᠦ ᠡᠴᠡ ᠨᠤᠲᠤᠭ ᠤᠨ ᠦᠭᠡ ᠬᠡᠯᠡᠯᠭᠡ ᠲᠤᠰ ᠵᠡᠣᠬᠢᠶᠠᠯ ᠤᠨ ᠨᠤᠲᠤᠭ ᠣᠷᠤᠨ ᠤ ᠣᠨᠴᠠᠯᠢᠭ ᠰᠢᠨᠵᠢ ᠵᠢ ᠲᠤᠳᠤᠷᠬᠠᠢᠯᠠᠬᠤ ᠳ᠋ᠤ ᠬᠦᠨᠳᠦ ᠴᠢᠬᠤᠯᠠ ᠦᠢᠯᠡᠳᠦᠯ ᠲᠠᠢ ᠪᠠᠢᠭ᠎ᠠ ᠲᠤᠯᠠ《ᠵᠠᠩᠭᠠᠷ》 ᠤᠨ ᠲᠤᠤᠯᠢ ᠳ᠋ᠡᠬᠢ ᠨᠤᠲᠤᠭ ᠤᠨ ᠦᠭᠡ ᠬᠡᠯᠡᠯᠭᠡ ᠨᠤᠲᠤᠭ ᠤᠨ ᠬᠤᠷᠢᠮ ᠤᠨ ᠶᠡᠰᠤᠴᠢᠯᠠᠯ ᠵᠡᠷᠭᠡ ᠵᠢ ᠴᠣᠬᠤᠰᠬᠠᠨ ᠲᠤᠷᠠᠳᠴᠦ 《ᠵᠠᠩᠭᠠᠷ》 ᠤᠨ ᠡᠭᠦᠰᠦᠨ ᠪᠤᠢ ᠪᠤᠯᠤᠭᠰᠠᠨ ᠭᠠᠵᠠᠷ ᠤᠷᠤᠨ ᠤ ᠲᠣᠬᠠᠢ ᠂ ᠰᠢᠨᠵᠢᠯᠯᠡᠲᠡ ᠬᠢᠬᠦ ᠨᠢ ᠬᠦᠰᠡᠯ ᠠ᠃ |