摘要 |
ᠦᠭᠦᠯᠡᠯ ᠳᠤ 《ᠮᠠᠨᠵᠤ ᠤᠯᠤᠰ》 ᠤᠨ ᠦᠶ᠎ᠡ ᠶᠢᠨ ᠰᠢᠨᠵᠢᠩ ᠳᠤ ᠬᠢ ᠮᠤᠩᠭ᠋ᠤᠯ ᠰᠤᠨᠢᠨ ᠰᠡᠳᠭᠦᠯ ᠤᠨ ᠲᠠᠷᠤᠮᠠᠯ ᠢ ᠭᠤᠤᠯᠳᠠᠭᠤ ᠶᠠᠫᠤᠨ ᠮᠡᠷᠭᠡᠵᠢᠯᠳᠡᠨ ᠲᠠᠺᠸᠠᠦ᠋ᠴᠢ ᠲᠠᠳᠠᠰᠢ ᠶᠢᠨ ᠮᠤᠩᠭ᠋ᠤᠯ ᠦᠰᠦᠭ ᠤᠨ ᠬᠡᠪ ᠶᠢᠡᠷ ᠬᠢᠵᠦ ᠪᠠᠢ᠌ᠭᠰᠠᠨ ᠪᠦᠭᠡᠳ ᠲᠤᠰ ᠬᠦᠮᠦᠨ ᠭᠤᠤᠯ ᠬᠤᠯᠪᠤᠭᠳᠠᠬᠤ ᠭᠡᠰᠡᠨ ᠢ ᠦᠭᠦᠯᠡᠪᠡ᠃ ᠲᠠᠺᠸᠠᠦ᠋ᠴᠢ ᠪᠤᠯ ᠶᠠᠫᠤᠨ ᠳᠤ ᠬᠡᠷᠡᠭᠯᠡᠵᠦ ᠪᠠᠢ᠌ᠭᠰᠠᠨ ᠮᠤᠩᠭ᠋ᠤᠯ ᠦᠰᠦᠭ ᠤᠨ ᠲᠠᠷᠤᠮᠠᠯ ᠤᠨ ᠮᠡᠷᠭᠡᠵᠢᠯ ᠢ 《ᠮᠠᠨᠵᠤ ᠤᠯᠤᠰ》 ᠲᠤ ᠠᠪᠴᠤ ᠢᠷᠡᠨ ᠦᠭᠡᠷᠡᠴᠢᠯᠡᠯᠳᠡ ᠬᠢᠵᠦ᠂ 《ᠮᠤᠩᠭ᠋ᠤᠯ ᠰᠡᠳᠭᠦᠯ》᠂ 《ᠮᠤᠩᠭ᠋ᠤᠯ ᠰᠢᠨ᠎ᠡ ᠰᠡᠳᠭᠦᠯ》᠂ 《ᠬᠦᠬᠡ ᠲᠤᠭ》 ᠵᠡᠷᠭᠡ ᠰᠤᠨᠢᠨ ᠰᠡᠳᠭᠦᠯ ᠪᠠ ᠮᠤᠩᠭ᠋ᠤᠯ ᠨᠤᠮ ᠪᠢᠴᠢᠭ᠌ ᠤᠨ ᠲᠠᠷᠤᠮᠠᠯ ᠳᠤ ᠬᠡᠷᠡᠭᠯᠡᠵᠦ ᠪᠠᠢ᠌ᠪᠠ᠃ ᠲᠡᠷᠡ ᠪᠡᠷ ᠪᠠᠰᠠ 《ᠵᠠᠯᠠᠭᠤᠰ ᠤᠨ ᠲᠤᠯᠢ》 ᠶᠢ ᠡᠷᠬᠢᠯᠡᠬᠦ ᠪᠠ 《ᠬᠦᠬᠡ ᠲᠤᠭ》 ᠤᠨ ᠭᠤᠤᠯ ᠨᠠᠢ᠌ᠷᠠᠭᠤᠯᠤᠭᠴᠢ ᠵᠡᠷᠭᠡ ᠴᠢᠬᠤᠯᠠ ᠬᠠᠷᠢᠭᠤᠴᠠᠯᠭ᠎ᠠ ᠶᠢ ᠡᠭᠦᠷᠭᠡᠯᠡᠵᠦ ᠪᠠᠢ᠌ᠭᠰᠠᠨ ᠶᠤᠮ᠃ |