题名 |
ᠮᠤᠩᠭ᠋ᠤᠯ ᠦᠨᠳᠦᠰᠦᠳᠡᠨ ᠤ ᠤᠯᠤᠰ ᠲᠦᠷᠦ ᠰᠤᠶᠤᠯ ᠤᠨ ᠲᠡᠳ᠋ ᠰᠤᠶᠤᠯ ᠤᠨ ᠲᠤᠬᠠᠢ ᠲᠦᠭᠦᠮ ᠦᠭᠦᠯᠡᠬᠦ ᠨᠢ |
作者 |
ᠨᠢᠶᠸ ᠰᠢᠶᠤᠤ ᠯᠢᠩ |
关键词 |
ᠮᠤᠩᠭ᠋ᠤᠯ ᠦᠨᠳᠦᠰᠦᠳᠡᠨ; ᠤᠯᠤᠰ ᠲᠦᠷᠦ ᠰᠤᠶᠤᠯ; ᠤᠯᠤᠰ ᠲᠦᠷᠦ ᠶᠢᠨ ᠲᠡᠳ᠋ ᠰᠤᠶᠤᠯ; ᠠᠯᠳᠠᠨ ᠤᠷᠤᠭ |
摘要 |
ᠤᠯᠤᠰ ᠲᠦᠷᠦ ᠶᠢᠨ ᠲᠡᠳ᠋ ᠰᠤᠶᠤᠯ ᠨᠢ ᠤᠯᠤᠰ ᠲᠦᠷᠦ ᠰᠤᠶᠤᠯ ᠤᠨ ᠪᠦᠷᠢᠯᠳᠦᠬᠦᠨ ᠪᠤᠯᠤᠭᠰᠠᠨ ᠤ ᠬᠤᠪᠢ ᠳᠤ᠂ ᠲᠡᠭᠦᠨ ᠤ ᠪᠤᠳᠠᠳᠠᠢ ᠪᠦᠭᠡᠳ ᠤᠨᠴᠠᠭᠠᠢ ᠴᠢᠨᠠᠷ ᠢ ᠢᠯᠡᠷᠡᠭᠦᠯᠵᠦ ᠪᠠᠢ᠌ᠳᠠᠭ᠃ ᠮᠤᠩᠭ᠋ᠤᠯ ᠦᠨᠳᠦᠰᠦᠳᠡᠨ ᠤ ᠤᠯᠤᠰ ᠲᠦᠷᠦ ᠶᠢᠨ ᠲᠡᠳ᠋ ᠰᠤᠶᠤᠯ ᠤᠨ ᠬᠡᠯᠪᠡᠷᠢ ᠨᠢ ᠠᠯᠳᠠᠨ ᠤᠷᠤᠭ ᠤᠨ ᠲᠦᠪ ᠤᠳᠤᠮᠰᠢᠯ ᠤᠨ ᠨᠤᠶᠠᠷᠬᠠᠬᠤ ᠦᠵᠡᠯ ᠰᠠᠨᠠᠭ᠎ᠠ ᠲᠡᠭᠡᠷ᠎ᠡ ᠲᠤᠪᠤᠢ᠌ᠮ᠎ᠠ ᠢᠯᠡᠷᠡᠵᠦ ᠪᠠᠢ᠌ᠬᠤ ᠶᠤᠮ᠃ ᠲᠡᠭᠦᠨ ᠢ ᠪᠦᠷᠢᠯᠳᠦᠭᠦᠯᠦᠭᠰᠡᠨ ᠰᠢᠯᠳᠠᠭᠠᠨ ᠭᠡᠪᠡᠯ ᠤᠯᠤᠰ ᠲᠦᠷᠦ ᠰᠤᠶᠤᠯ ᠤᠨ ᠪᠡᠶᠡᠴᠢ ᠴᠤᠭᠴᠠ ᠶᠢᠨ ᠪᠦᠷᠢᠯᠳᠦᠯ ᠪᠤᠯᠤᠨ ᠤᠯᠤᠰ ᠲᠦᠷᠦ ᠰᠤᠶᠤᠯ ᠤᠨ ᠤᠷᠳᠤ ᠤᠳᠠᠭᠠᠨ ᠲᠡᠦᠬᠡᠨ ᠬᠦᠭ᠍ᠵᠢᠯ ᠪᠤᠯᠤᠨ᠎ᠠ᠃ ᠮᠤᠩᠭ᠋ᠤᠯ ᠦᠨᠳᠦᠰᠦᠳᠡᠨ ᠤ ᠤᠯᠤᠰ ᠲᠦᠷᠦ ᠰᠤᠶᠤᠯ ᠳᠤ ᠭᠤᠤᠯᠳᠠᠭᠤ᠄ ᠠᠯᠳᠠᠨ ᠤᠷᠤᠭ ᠤᠨ ᠲᠦᠪ ᠤᠳᠤᠮᠰᠢᠯ ᠤᠨ ᠨᠤᠶᠠᠷᠬᠠᠯ ᠶᠢᠡᠷ ᠭᠤᠤᠯ ᠪᠤᠯᠭᠠᠭᠰᠠᠨ ᠤᠯᠤᠰ ᠲᠦᠷᠦ ᠶᠢᠨ ᠲᠡᠳ᠋ ᠰᠤᠶᠤᠯ; ᠪᠦᠬᠦ ᠦᠨᠳᠦᠰᠦᠳᠡᠨ ᠤ ᠤᠯᠤᠰ ᠲᠦᠷᠦ ᠶᠢᠨ ᠲᠡᠳ᠋ ᠰᠤᠶᠤᠯ;《ᠡᠰᠡᠷᠭᠦ ᠰᠤᠶᠤᠯ》ᠵᠡᠷᠭᠡ ᠶᠢ ᠪᠠᠭᠳᠠᠭᠠᠨ᠎ᠠ᠃ ᠮᠤᠩᠭ᠋ᠤᠯ ᠦᠨᠳᠦᠰᠦᠳᠡᠨ ᠤ ᠤᠯᠤᠰ ᠲᠦᠷᠦ ᠶᠢᠨ ᠲᠡᠳ᠋ ᠰᠤᠶᠤᠯ ᠪᠤᠯ ᠮᠤᠩᠭ᠋ᠤᠯ ᠦᠨᠳᠦᠰᠦᠳᠡᠨ ᠤ ᠤᠷᠤᠰᠢᠨ ᠲᠤᠭᠳᠠᠨᠢᠬᠤ ᠪᠠ ᠬᠦᠭ᠍ᠵᠢᠬᠦ ᠶᠢᠨ ᠲᠤᠯᠭᠠᠭᠤᠷᠢ ᠬᠦᠴᠦᠨ ᠪᠠᠢ᠌ᠵᠠᠢ᠃ |
原文 |
没有原文
|
出自 |
内蒙古社会科学(蒙文版)
2002年
第2期
|