题名 |
ᠲᠡᠯᠡᠬᠡᠢ ᠶᠢᠨ ᠬᠡᠯᠡᠨ ᠤ ᠰᠢᠨᠵᠢᠯᠡᠯ ᠤᠨ ᠲᠡᠦᠬᠡ ᠶᠢᠨ ᠱᠠᠳᠤ ᠦᠶᠡᠴᠢᠯᠡᠯ ᠤᠨ ᠰᠤᠳᠤᠯᠤᠯ ᠢ ᠲᠤᠪᠴᠢᠬᠠᠨ ᠦᠭᠦᠯᠡᠬᠦ ᠨᠢ |
作者 |
ᠦᠯᠵᠡᠢ᠌ᠳᠠᠯᠠᠢ |
关键词 |
ᠲᠡᠯᠡᠬᠡᠢ ᠶᠢᠨ ᠬᠡᠯᠡᠨ ᠤ ᠰᠢᠨᠵᠢᠯᠡᠯ ᠤᠨ ᠲᠡᠦᠬᠡ; ᠱᠠᠳᠤ ᠦᠶᠡᠴᠢᠯᠡᠯ; ᠰᠤᠳᠤᠯᠭᠠᠨ ᠤ ᠪᠠᠢ᠌ᠳᠠᠯ |
摘要 |
ᠦᠭᠦᠯᠡᠯ ᠳᠤ ᠤᠷᠢᠳᠠ ᠪᠡᠷ ᠲᠡᠯᠡᠬᠡᠢ ᠶᠢᠨ ᠬᠡᠯᠡᠨ ᠤ ᠰᠢᠨᠵᠢᠯᠡᠯ ᠤᠨ ᠲᠡᠦᠬᠡ ᠶᠢ ᠱᠠᠳᠤ ᠦᠶᠡᠴᠢᠯᠡᠬᠦ ᠲᠠᠯ᠎ᠠ ᠪᠡᠷ ᠡᠷᠳᠡᠮᠳᠡᠳ ᠶᠠᠮᠠᠷ ᠶᠠᠮᠠᠷ ᠦᠵᠡᠯᠳᠡ ᠲᠠᠢ ᠪᠠᠢ᠌ᠭ᠎ᠠ ᠶᠢ ᠬᠤᠷᠢᠶᠠᠩᠭ᠋ᠤᠢ᠌ᠯᠠᠨ ᠲᠤᠷᠠᠳᠴᠤ᠂ ᠲᠠᠷᠠᠭ᠎ᠠ ᠨᠢ ᠲᠡᠯᠡᠬᠡᠢ ᠶᠢᠨ ᠬᠡᠯᠡᠨ ᠤ ᠰᠢᠨᠵᠢᠯᠡᠯ ᠤᠨ ᠲᠡᠦᠬᠡ ᠶᠢ ᠱᠠᠳᠤ ᠦᠶᠡᠴᠢᠯᠡᠬᠦ ᠲᠠᠯ᠎ᠠ ᠪᠡᠷ ᠠᠩᠬᠠᠷᠤᠭᠤᠰᠢᠳᠠᠢ ᠬᠡᠳᠦᠨ ᠠᠰᠠᠭᠤᠳᠠᠯ ᠢ ᠦᠭᠦᠯᠡᠵᠡᠢ᠃ ᠲᠡᠯᠡᠬᠡᠢ ᠶᠢᠨ ᠬᠡᠯᠡᠨ ᠤ ᠰᠢᠨᠵᠢᠯᠡᠯ ᠤᠨ ᠲᠡᠦᠬᠡᠨ ᠳᠤ 20 ᠳ᠋ᠤᠭᠠᠷ ᠵᠠᠭᠤᠨ ᠤ ᠰᠡᠭᠦᠯ ᠤᠨ ᠬᠠᠭᠠᠰ ᠲᠤ ᠤᠯᠠᠨ ᠵᠦᠢᠯ ᠤᠨ ᠬᠡᠯᠡᠨ ᠤ ᠰᠢᠨᠵᠢᠯᠡᠯ ᠵᠡᠷᠭᠡᠴᠡᠨ ᠦᠷᠨᠢᠭᠰᠡᠨ ᠪᠠᠢ᠌ᠳᠠᠯ ᠢᠯᠡᠷᠡᠭᠰᠡᠨ ᠲᠤᠯᠠ ᠡᠨᠡ ᠦᠶ᠎ᠡ ᠶᠢᠨ ᠬᠡᠯᠡᠨ ᠤ ᠰᠢᠨᠵᠢᠯᠡᠯ ᠢ ᠱᠠᠳᠤ ᠦᠶᠡᠴᠢᠯᠡᠬᠦ ᠳᠤ ᠬᠦᠴᠢᠷᠳᠡᠯᠭᠡ ᠬᠠᠷᠢᠴᠠᠩᠭ᠋ᠤᠢ ᠳᠤ ᠶᠡᠬᠡ ᠰᠢᠭ᠌ ᠪᠠᠢ᠌ᠨ᠎ᠠ᠃ ᠲᠡᠯᠡᠬᠡᠢ ᠶᠢᠨ ᠬᠡᠯᠡᠨ ᠤ ᠰᠢᠨᠵᠢᠯᠡᠯ ᠲᠠᠰᠤᠷᠠᠯᠳᠠ ᠦᠭᠡᠢ ᠬᠦᠭ᠍ᠵᠢᠵᠦ ᠢᠷᠡᠭᠰᠡᠨ ᠪᠦᠭᠡᠳ ᠡᠳᠦᠭᠡ ᠮᠦᠨ ᠲᠠᠰᠤᠷᠠᠯᠳᠠ ᠦᠭᠡᠢ ᠬᠦᠭ᠍ᠵᠢᠭ᠍ᠰᠡᠭᠡᠷ ᠪᠠᠢ᠌ᠭ᠎ᠠ ᠲᠤᠯᠠ ᠬᠡᠯᠡᠨ ᠤ ᠰᠢᠨᠵᠢᠯᠡᠯ ᠤᠨ ᠲᠡᠦᠬᠡ ᠶᠢ ᠱᠠᠳᠤ ᠦᠶᠡᠴᠢᠯᠡᠬᠦ ᠠᠵᠢᠯ ᠲᠡᠢ᠌ᠮᠤ ᠬᠢᠯᠪᠠᠷᠬᠠᠨ ᠲᠠᠭᠤᠰᠬᠤ ᠪᠢᠰᠢ᠃ ᠡᠨᠡ ᠲᠠᠯ᠎ᠠ ᠶᠢᠨ ᠰᠤᠳᠤᠯᠭᠠᠨ ᠢ ᠦᠷᠭᠦᠯᠵᠢᠯᠡᠨ ᠭᠦᠨᠵᠡᠭᠡᠢ᠌ᠷᠡᠭᠦᠯᠬᠦ ᠬᠡᠷᠡᠭᠳᠡᠢ ᠪᠠᠢ᠌ᠨ᠎ᠠ᠃ |
原文 |
查看原文
|
出自 |
西北民族大学学报
2014年
第1期
|