题名 |
ᠬᠤᠷᠢᠳᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠳᠡᠦᠬᠡ ᠰᠤᠳᠤᠯᠤᠯ ᠤᠨ ᠬᠦᠭ᠍ᠵᠢᠯᠳᠡ ᠶᠢᠨ ᠱᠠᠳᠤ ᠦᠶ ᠡ ᠶᠢ ᠦᠭᠦᠯᠡᠬᠦ ᠨᠢ |
作者 |
ᠰ᠂ ᠤᠷᠤᠰᠬᠠᠯ |
关键词 |
ᠮᠣᠩᠭᠣᠯ ᠤᠳᠬ ᠠ ᠵᠤᠬᠢᠶᠠᠯ ᠤᠨ ᠳᠡᠦᠬᠡ ᠰᠤᠳᠤᠯᠤᠯ ; ᠡᠷᠳᠡᠮ ᠰᠢᠨᠵᠢᠯᠡᠭᠡᠨ ᠦ ᠳᠡᠦᠬᠡ; ᠱᠠᠳᠤ ᠦᠶ ᠡ ᠶᠢᠨ ᠠᠩᠬᠢᠯᠠᠯ; ᠬᠦᠭ᠍ᠵᠢᠯᠳᠡ ᠶᠢᠨ ᠤᠨᠴᠠᠯᠢᠭ |
摘要 |
ᠮᠣᠩᠭᠣᠯ ᠤᠳᠬ ᠠ ᠵᠤᠬᠢᠶᠠᠯ ᠤᠨ ᠳᠡᠦᠬᠡ ᠰᠤᠳᠤᠯᠤᠯ ᠢ ᠬᠤᠷᠢᠶᠠᠩᠭ᠋ᠤᠢ᠌ᠯᠠᠨ ᠳ᠋ᠦᠩᠨᠡᠬᠦ ᠨᠢ ᠮᠣᠩᠭᠣᠯ ᠤᠳᠬ᠎ᠠ ᠵᠤᠬᠢᠶᠠᠯ ᠰᠤᠳᠤᠯᠭᠠᠨ ᠦ ᠴᠢᠬᠤᠯᠠ ᠠᠭᠤᠯᠭ᠎ᠠ ᠮᠦᠨ᠃ ᠮᠣᠩᠭᠣᠯ ᠤᠳᠬ ᠠ ᠵᠤᠬᠢᠶᠠᠯ ᠤᠨ ᠳᠡᠦᠬᠡᠴᠢᠯᠡᠭᠰᠡᠨ ᠰᠤᠳᠤᠯᠭᠠᠨ ᠦ ᠵᠢᠷᠠᠨ ᠵᠢᠯ ᠤᠷᠴᠢᠮ ᠤᠨ ᠬᠦᠭ᠍ᠵᠢᠯᠳᠡ ᠶᠢ ᠳᠡᠭᠦᠨ ᠦ ᠤᠨᠴᠠᠯᠢᠭ ᠢ ᠦᠨᠳᠦᠰᠦᠯᠠᠨ ᠡᠭᠦᠰᠦᠯ ᠤᠨ ᠱᠠᠳᠤ(1946—1956)᠂ ᠡᠷᠢᠯᠬᠢᠯᠡᠯ ᠤᠨ ᠱᠠᠳᠤ(1957—1976)ᠪᠠ ᠪᠤᠯᠪᠠᠰᠤᠷᠠᠯ ᠤᠨ ᠱᠠᠳᠤ(1977—2005)ᠭᠡᠬᠦᠴᠢᠯᠡᠨ ᠠᠩᠬᠢᠯᠠᠵᠤ᠂ ᠰᠡᠭᠦᠯᠴᠢ ᠶᠢᠨ ᠱᠠᠳᠤ ᠶᠢ ᠪᠠᠰᠠ ᠠᠩᠬᠠᠨ ᠱᠠᠳᠤ (19771986)᠂ ᠬᠤᠶᠡᠳᠡᠬᠢ ᠱᠠᠳᠤ(1987—1999)ᠪᠠ ᠤᠯᠠᠨ ᠡᠰᠢᠯᠡᠯ ᠤᠨ ᠬᠦᠭ᠍ᠵᠢᠯ ᠤᠨ ᠱᠠᠳᠤ (2000—2005) ᠪᠤᠯᠭᠠᠨ ᠨᠠᠷᠢᠰᠬᠠᠵᠤ ᠪᠤᠯᠤᠨ᠎ᠠ᠃ ᠡᠳᠡᠭᠡᠷ ᠱᠠᠳᠤ ᠦᠶ ᠡ ᠨᠢᠭᠡ ᠪᠦᠷᠢ ᠨᠢ ᠲᠤᠬᠠᠢ ᠶᠢᠨ ᠮᠣᠩᠭᠣᠯ ᠤᠳᠬ ᠠ ᠵᠤᠬᠢᠶᠠᠯ ᠤᠨ ᠳᠡᠦᠬᠡ ᠰᠤᠳᠤᠯᠭᠠᠨ ᠦ ᠲᠦᠪᠰᠢᠨ ᠢ ᠬᠠᠷᠠᠭᠤᠯᠵᠤ᠂ ᠠᠳᠠᠯᠢ ᠪᠤᠰᠤ ᠤᠨᠴᠠᠯᠢᠭ ᠢ ᠪᠦᠷᠢᠯᠳᠦᠭᠦᠯᠪᠡ᠃ |
原文 |
查看原文
|
出自 |
内蒙古大学学报
2007年
第4期
|