论文信息


题名 《ᠨᠠᠷᠠᠨ ᠤ ᠭᠡᠷᠡᠯ ᠮᠡᠲᠦ ᠴᠢᠨᠳᠠᠮᠤᠨᠢ》 ᠶᠢᠨ ᠵᠣᠬᠢᠶᠠᠭᠴᠢ ᠵᠢ ᠲᠣᠳᠤᠯᠠᠬᠤ ᠶᠢᠨ ᠲᠤᠰᠠ ᠳ᠋ᠤ
作者 ᠮᠦᠩᠭᠦᠨᠬᠤᠸᠠᠷ
关键词 《ᠨᠠᠷᠠᠨ ᠤ ᠭᠡᠷᠡᠯ ᠮᠡᠲᠦ ᠴᠢᠨᠳᠠᠮᠤᠨᠢ》; ᠵᠣᠬᠢᠶᠠᠭᠴᠢ; ᠢᠰᠢᠳᠠᠨᠽᠠᠨᠸᠠᠩᠵᠢᠯ
摘要 《ᠨᠠᠷᠠᠨ ᠤ ᠭᠡᠷᠡᠯ ᠮᠡᠲᠦ ᠴᠢᠨᠳᠠᠮᠤᠨᠢ》ᠨᠢ 154 ᠪᠠᠳᠠᠭ ᠰᠢᠯᠦᠭ ᠲᠠᠢ ᠪᠠᠢᠢᠵᠠᠢ᠃ ᠰᠡᠭᠦᠯᠡᠷ ᠨᠢ ᠨᠢᠭᠡ ᠪᠠᠳᠠᠭ ᠺᠤᠯᠤᠫᠤᠨ ᠤ ᠨᠡᠮᠡᠯᠲᠡ ᠰᠢᠯᠦᠭ ᠣᠷᠤᠵᠤ ᠢᠷᠡᠭᠰᠡᠨ ᠡᠴᠡ 155 ᠪᠠᠳᠠᠭ ᠰᠢᠯᠦᠭ ᠲᠠᠢ ᠪᠣᠯᠠᠵᠢ᠃ ᠡᠭᠦᠨ ᠳ᠋ᠤ ᠠᠮᠤᠷᠵᠢᠷᠭᠠᠯ ᠳ᠋ᠤ ᠬᠣᠯᠪᠤᠭᠳᠠᠬᠤ ᠺᠣᠯᠫᠤᠨ ᠤ ᠨᠡᠮᠡᠯᠲᠡ ᠰᠢᠯᠦᠭ ᠲᠤ《ᠨᠠᠷᠠᠨ ᠤ ᠭᠡᠷᠡᠯ ᠮᠡᠲᠦ ᠴᠢᠨᠳᠠᠮᠤᠨᠢ》 ᠵᠢ ᠠᠮᠤᠷᠵᠢᠷᠭᠠᠯ ᠦᠪᠡᠷ ᠢᠢᠡᠨ ᠵᠣᠬᠢᠶᠠᠯ ᠠ ᠭᠡᠰᠡᠨ ᠰᠠᠨᠠᠭ᠋ ᠠ ᠭᠠᠷᠬᠤ ᠦᠭᠡᠢ᠂ ᠵᠦᠪᠬᠡᠨ ᠲᠡᠷᠡ ᠪᠠᠰᠠ 《ᠨᠠᠷᠠᠨ ᠤ ᠭᠡᠷᠡᠯ ᠮᠡᠲᠦ ᠴᠢᠨᠳᠠᠮᠤᠨᠢ》 ᠶᠢᠨ ᠵᠣᠬᠢᠶᠠᠭᠴᠢ ᠲᠠᠢ ᠠᠳᠠᠯᠢ ᠪᠡᠷ 《ᠠᠨᠠᠭᠠᠬᠤ ᠤᠬᠠᠭᠠᠨ ᠤ ᠲᠦᠷᠪᠡᠨ ᠦᠨᠳᠦᠰᠦ》ᠵᠢ ᠰᠡᠳᠤᠯᠵᠤ ᠣᠷᠤᠭᠤᠯᠤᠭᠠᠳ ᠤᠴᠢᠷ ᠤᠬᠠᠭᠠᠨ ᠢ ᠤᠯᠤᠭᠰᠠᠨ ᠦᠭᠡᠢ ᠭᠡᠰᠡᠨ ᠰᠠᠨᠠᠭ᠋ ᠠ ᠪᠠᠨ ᠢᠯᠡᠳᠭᠡᠵᠡᠢ᠃ ᠲᠠᠨᠽᠠᠨᠸᠠᠩᠵᠢᠯ ᠳ᠋ᠤ ᠬᠣᠯᠪᠤᠭᠳᠠᠬᠤ ᠺᠤᠯᠤᠫᠤᠨ ᠤ ᠨᠡᠮᠡᠯᠲᠡ ᠰᠢᠯᠦᠭ ᠲᠤ ᠲᠤᠰ ᠲᠤᠪᠴᠢᠶ ᠠ ᠰᠢᠯᠦᠭ ᠢ ᠲᠠᠨᠽᠠᠨᠸᠠᠩᠵᠢᠯ ᠦᠪᠡᠷ ᠢᠢᠡᠨ ᠰᠢᠯᠦᠭᠯᠡᠭᠰᠡᠨ ᠭᠡᠰᠡᠨ ᠰᠠᠨᠠᠭ᠋ ᠠ ᠵᠢ ᠲᠣᠳᠤᠷᠬᠠᠢ ᠢᠯᠡᠳᠭᠡᠵᠡᠢ᠃ ᠡᠨᠡ ᠬᠦ ᠨᠠᠷᠢᠨ ᠰᠢᠷᠢᠨ ᠵᠦᠢᠯ ᠢ ᠡᠷᠳᠡᠮᠳᠡᠳ ᠠᠩᠬᠠᠷᠤᠯ ᠳᠠᠭᠠᠨ ᠠᠪᠴᠤ《ᠨᠠᠷᠠᠨ ᠤ ᠮᠡᠳᠦ ᠴᠢᠨᠳᠠᠮᠤᠨᠢ》 ᠶᠢᠨ ᠵᠣᠬᠢᠶᠠᠭᠴᠢ ᠭᠡᠨ ᠪᠣᠯᠬᠤ ᠵᠢ ᠲᠤᠩᠭ᠋ᠠᠨ ᠲᠤᠳᠤᠯᠠᠬᠤ ᠳ᠋ᠠᠭᠠᠨ ᠯᠠᠪᠯᠠᠯᠲᠠ ᠪᠣᠯᠭᠠᠵᠤ ᠪᠣᠯᠤᠨ᠌ ᠠ᠃
原文 查看原文
出自 中国蒙古学 2014年 第1期

联系我们


内蒙古大学图书馆
呼和浩特市大学西路235号
中国·内蒙古
P: (0471) 4992561
E: huangfeilong@imu.edu.cn