摘要 |
ᠳᠡᠭᠷᠢ ᠪᠤᠯ ᠮᠣᠩᠭᠣᠯ ᠪᠦᠭᠡ ᠶᠢᠨ ᠱᠠᠰᠢᠨ ᠦ ᠭᠤᠤᠯ ᠰᠢᠳᠦᠭᠡᠨ ᠪᠤᠯᠬᠤ ᠶᠤᠮ᠃ ᠮᠣᠩᠭᠣᠯ ᠪᠦᠭᠡ ᠶᠢᠨ ᠱᠠᠰᠢᠨ ᠦ ᠡᠵᠠᠨ ᠰᠢᠳᠦᠭᠡᠨ ᠨᠢ ᠬᠡᠳᠦᠢ᠌ᠪᠡᠷ ᠪᠦᠷᠢᠨ ᠪᠦᠳᠦᠨ ᠲᠤᠭᠳᠠᠯᠴᠠᠭ᠎ᠠ ᠲᠠᠢ ᠪᠤᠯᠵᠤ ᠳᠡᠢ᠌ᠯᠦᠭᠡ ᠦᠭᠡᠢ ᠦᠭᠡᠢ ᠭᠡᠰᠡᠨ ᠮᠦᠩᠭᠡ ᠳᠡᠭᠷᠢ ᠪᠡᠷ ᠲᠦᠷᠦᠭᠦᠯᠦᠭᠰᠡᠨ ᠨᠢᠭᠡᠨ ᠶᠠᠷᠦᠩᠭᠡᠢ ᠪᠦᠲᠦᠴᠡ ᠲᠠᠢ ᠪᠠᠢ᠌ᠵᠦ ᠬᠡᠮᠡᠷ ᠪᠠᠢ᠌ᠨ᠎ᠠ᠃ ᠬᠡᠭᠦ ᠳᠡᠬᠡᠨ ᠪᠦᠭᠡ ᠶᠢᠨ ᠱᠠᠰᠢᠨ ᠦ ᠳᠡᠭᠷᠢᠰ ᠴᠤᠬᠤᠮ ᠬᠡᠳᠦᠢ ᠪᠠᠢ᠌ᠳᠠᠭ ᠬᠡᠰᠡᠨ ᠲᠤᠬᠠᠢ ᠶᠡᠷᠦ ᠡᠴᠡ ᠲᠤᠳᠤᠷᠬᠠᠢ ᠦᠭᠡᠢ᠂ ᠮᠣᠩᠭᠣᠯ ᠪᠦᠭᠡ ᠶᠢᠨ ᠱᠠᠰᠢᠨ ᠦ ᠳᠡᠭᠷᠢ ᠶᠢᠨ ᠲᠤᠭ᠎ᠠ ᠨᠡᠮᠡᠭᠳᠡᠨ ᠠᠵᠢᠯ ᠮᠡᠷᠭᠡᠵᠢᠯ ᠨᠠᠷᠢᠰᠤᠭᠰᠠᠨ ᠶᠠᠪᠤᠳᠠᠯ ᠪᠤᠯ ᠹᠸᠤᠳᠠᠯ ᠤᠨ ᠨᠡᠢ᠌ᠭᠡᠮ ᠤᠨ ᠬᠦᠭ᠍ᠵᠢᠯ ᠤᠨ ᠶᠠᠪᠤᠴᠠ ᠳᠤ ᠭᠠᠷᠤᠭᠰᠠᠨ ᠬᠡᠷᠡᠭ ᠪᠤᠯᠤᠨ᠎ᠠ᠃ ᠮᠣᠩᠭᠣᠯ ᠪᠦᠭᠡ ᠶᠢᠨ ᠱᠠᠰᠢᠨ ᠦ 99ᠳᠡᠭᠷᠢ ᠪᠠᠢ᠌ᠳᠠᠭ ᠪᠠ ᠳᠡᠭᠦᠨ ᠡᠴᠡ ᠪᠠᠷᠠᠭᠤᠨ ᠦ 55ᠳᠡᠭᠷᠢ ᠨᠢ ᠬᠦᠮᠦᠨ ᠳᠤ ᠳᠤᠰᠠᠲᠠᠢ ᠰᠠᠢ᠌ᠨ ᠳᠡᠭᠷᠢ᠂ ᠵᠡᠭᠦᠨ ᠦ44ᠳᠡᠭᠷᠢ ᠨᠢ ᠬᠦᠮᠦᠨ ᠳᠤ ᠬᠤᠤᠷᠲᠠᠢ ᠳᠡᠭᠷᠢ ᠬᠡᠳᠡᠭ ᠨᠢ ᠦᠨᠡᠨ ᠪᠤᠳᠠᠲᠠᠢ ᠲᠤᠭ᠎ᠠ ᠪᠢᠰᠢ᠂ ᠵᠦᠪᠭᠡᠨ ᠶᠡᠬᠡ ᠤᠯᠠᠨ ᠬᠡᠰᠡᠨ ᠢ ᠵᠢᠭᠠᠭᠰᠠᠨ ᠪᠡᠯᠭᠡᠳᠡᠯ ᠲᠤᠭ᠎ᠠ ᠪᠤᠯᠤᠨ᠎ᠠ᠃ |