摘要 |
ᠰᠠᠩ ᠤᠨ ᠰᠢᠯᠦᠭ ᠨᠢ ᠪᠣᠳᠠᠳᠠᠢ ᠪᠠ ᠬᠡᠢᠢᠰᠪᠦᠷᠢ᠃ ᠲᠡᠯᠭᠡᠷᠡᠩᠬᠦᠢ ᠪᠠ ᠬᠤᠷᠢᠶᠠᠩᠭ᠋ᠤᠢ ᠶᠠᠮᠠᠷ ᠨᠢᠭᠡᠨ ᠠᠷᠭ᠋ ᠠ ᠵᠠᠮ ᠢᠢᠡᠷ ᠲᠤᠭᠲᠠᠭᠰᠠᠨ ᠡᠲᠡᠭᠡᠳ ᠲᠤ᠂ ᠲᠤᠭᠲᠠᠭᠰᠠᠨ ᠡᠳ᠋ ᠪᠣᠳᠠᠰ ᠪᠣᠶᠤ ᠬᠡᠢᠢᠰᠪᠦᠷᠢ ᠵᠦᠢᠯ ᠢᠢᠡᠷ ᠡᠷᠭᠦᠴᠡ ᠡᠷᠭᠦᠨ᠂ ᠲᠠᠬᠢᠯ ᠲᠠᠬᠢᠯᠭ᠋ ᠠ ᠪᠠᠨ ᠬᠢᠵᠤ᠂ ᠲᠡᠳᠡᠭᠡᠷ ᠡᠵᠡᠳ ᠣᠩᠭ᠋ᠤᠳ᠂ ᠨᠠᠪᠳᠠᠭ ᠰᠠᠪᠳᠠᠭ᠂ ᠲᠡᠭᠡᠳᠦ ᠲᠡᠭᠷᠢ᠂ ᠲᠡᠭᠡᠳᠦᠰ ᠤᠨ ᠰᠢᠲᠦᠭᠡᠨ ᠢ ᠪᠠᠶᠠᠰᠬᠠᠬᠤ ᠵᠣᠷᠢᠯᠭ᠋ ᠠ ᠲᠠᠢ ᠪᠡᠷ ᠦᠵᠡᠯ ᠰᠠᠢᠢᠲᠤ ᠡᠮᠦᠰᠭᠡᠯ ᠵᠡᠭᠦᠭᠡ᠂ ᠦᠨᠦᠷ ᠰᠠᠢᠢᠲᠤ ᠠᠷᠴᠠ ᠬᠦᠵᠢᠰ᠂ ᠠᠮᠳᠠᠳᠤ ᠰᠠᠢᠢᠬᠠᠨ ᠢᠳᠡᠭᠡᠨ ᠤᠮᠳᠠᠭᠠᠨ᠂ ᠰᠣᠨᠤᠰᠬᠤᠯᠠᠩ ᠰᠠᠢᠢᠲᠤ ᠡᠭᠡᠰᠢᠭ᠌ ᠲᠠᠭᠤᠨ ᠢ ᠡᠷᠭᠦᠵᠦ ᠲᠠᠬᠢᠯᠭ᠋ ᠠ ᠲᠠᠢᠢᠯᠭ᠋ ᠠ ᠪᠠᠨ ᠦᠢᠯᠡᠳᠴᠦ᠂ ᠦᠪᠷ ᠤᠨ ᠬᠡᠷᠡᠭᠴᠡᠭᠡ ᠪᠦᠬᠦᠢ ᠵᠦᠢᠯ ᠢᠢᠡᠨ ᠭᠤᠶᠤᠵᠤ᠂ᠦᠪᠡᠷ ᠤᠨ ᠦᠵᠡᠯ ᠪᠣᠳᠤᠯ᠂ ᠬᠡᠰᠡᠯ ᠰᠠᠨᠠᠯ ᠢᠢᠡᠨ ᠢᠯᠡᠷᠡᠬᠦᠯᠵᠦ ᠪᠠᠢᠢᠬ᠋ ᠠ ᠶᠣᠮ᠃ |