摘要 |
ᠰᠦᠬᠡ ᠪᠤᠯ ᠳᠡᠭᠡᠳᠦ ᠮᠣᠩᠭᠤᠯ ᠤᠨ ᠤᠯᠠᠮᠵᠢᠯᠠᠯᠲᠤ ᠲᠤᠤᠯᠢ ᠶᠢ ᠵᠠᠯᠭᠠᠮᠵᠢᠯᠠᠨ ᠪᠦᠲᠦᠭᠡᠯᠴᠢ ᠪᠡᠷ ᠬᠦᠭᠵᠢᠭᠦᠯᠦᠭᠰᠡᠨ ᠠᠪᠢᠶᠠᠰ ᠪᠢᠯᠢᠭᠲᠦ ᠠᠷᠠᠳ ᠤᠨ ᠤᠷᠠᠯᠢᠭᠴᠢ ᠪᠠᠢᠵᠤ᠂ ᠲᠡᠭᠦᠨ ᠦ ᠬᠠᠢᠯᠠᠭᠰᠠᠨ ᠲᠤᠤᠯᠢ ᠨᠢ ᠳᠡᠭᠡᠳᠦ ᠮᠣᠩᠭᠤᠯ ᠲᠤᠤᠯᠢ ᠨᠤᠭᠤᠳ ᠤᠨ ᠳᠤᠲᠤᠷ᠎ᠠ ᠬᠠᠮᠤᠭ ᠶᠡᠬᠡ ᠣᠨᠴᠠᠯᠢᠭ ᠲᠠᠢ ᠨᠢ ᠪᠤᠯᠤᠨ᠎ᠠ᠃ ᠰᠦᠬᠡ ᠲᠤᠤᠯᠢ ᠶᠢ ᠣᠯᠠᠩᠭᠢ ᠪᠠᠢᠳᠠᠯ ᠳᠤ ᠠᠶᠠᠯᠠᠭᠤᠯᠤᠨ ᠬᠠᠢᠯᠠᠬᠤ ᠮᠦᠷᠲᠡᠭᠡᠨ ᠵᠠᠷᠢᠮ ᠦᠯᠢᠭᠡᠷ ᠢ ᠴᠦ ᠲᠤᠤᠯᠢ ᠶᠢᠨ ᠬᠡᠪᠰᠢᠯ ᠢ ᠬᠡᠷᠡᠭᠯᠡᠵᠦ ᠠᠶᠠᠯᠠᠭᠤᠯᠤᠨ ᠬᠡᠯᠡᠳᠡᠭ ᠣᠨᠴᠠᠯᠢᠭ ᠲᠠᠢ᠃ ᠰᠦᠬᠡ ᠶᠢᠨ ᠬᠠᠢᠯᠠᠭᠰᠠᠨ ᠲᠤᠤᠯᠢ ᠨᠤᠭᠤᠳ ᠨᠢ ᠠᠭᠤᠯᠭ᠎ᠠ ᠰᠡᠳᠦᠪ ᠦᠨ ᠲᠠᠯ᠎ᠠ ᠪᠠᠷ 《ᠭᠡᠰᠡᠷ ᠦᠨ ᠲᠤᠭᠤᠵᠢ》 ᠪᠤᠶᠤ ᠭᠡᠰᠡᠷ ᠲᠡᠢ ᠬᠤᠯᠪᠤᠭᠳᠠᠭᠰᠠᠨ ᠲᠤᠤᠯᠢ᠂ ᠳᠡᠭᠡᠳᠦ ᠮᠣᠩᠭᠤᠯ ᠤᠨ ᠤᠯᠠᠮᠵᠢᠯᠠᠯᠲᠤ ᠪᠠᠭᠠᠲᠤᠷᠯᠢᠭ ᠲᠤᠤᠯᠢ᠂ ᠪᠤᠰᠤᠳ ᠦᠯᠢᠭᠡᠷ ᠲᠤᠤᠯᠢ ᠶᠢᠨ ᠰᠠᠭᠤᠷᠢᠨ ᠳᠤ ᠰᠢᠨ᠎ᠡ ᠪᠡᠷ ᠪᠦᠲᠦᠭᠡᠭᠰᠡᠨ ᠲᠤᠤᠯᠢ ᠭᠡᠬᠦ ᠭᠤᠷᠪᠠᠨ ᠲᠦᠷᠦᠯ ᠳᠦ ᠬᠤᠪᠢᠶᠠᠭᠳᠠᠨ᠎ᠠ᠃ |