摘要 |
ᠳᠤᠰ ᠦᠭᠦᠯᠡᠯ ᠳᠤ ᠮᠣᠩᠭᠣᠯ ᠶᠡᠷᠢᠶᠠᠨ ᠦ ᠬᠡᠯᠡᠨ ᠦ ᠰᠤᠳᠤᠯᠭᠠᠨ ᠦ ᠪᠠᠢ᠌ᠳᠠᠯ ᠬᠤᠶᠠᠡ ᠬᠡᠰᠡᠭ ᠬᠤᠪᠢᠶᠠᠨ ᠳᠠᠨᠢᠯᠴᠠᠭᠤᠯᠵᠠᠢ᠃ ᠮᠣᠩᠭᠣᠯ ᠶᠠᠷᠢᠶᠠᠨ ᠦ ᠬᠡᠯᠡᠨ ᠦ ᠰᠤᠳᠤᠯᠭᠠᠨ ᠨᠢ ᠬᠡᠯᠡ ᠶᠢ ᠪᠡᠷᠢᠮᠵᠢᠶᠠᠭᠤᠯᠤᠨ ᠲᠦᠷᠢᠮᠵᠢᠭᠦᠯᠬᠦᠦ ᠠᠵᠢᠯ ᠲᠠᠢ ᠰᠢᠭᠤᠳ ᠬᠤᠯᠪᠤᠭ᠎ᠠ ᠲᠠᠢ ᠪᠤᠯᠬᠤᠷ ᠶᠠᠭᠤᠨ ᠦ ᠡᠮᠦᠨ᠎ᠡ᠂ ᠮᠠᠨ ᠦ ᠤᠯᠤᠰ ᠤᠨ ᠮᠣᠩᠭᠣᠯ ᠬᠡᠯᠡᠨ ᠦ ᠰᠠᠭᠤᠷᠢ ᠠᠶᠠᠯᠭᠤ ᠠᠪᠢᠶ ᠠ ᠶᠢ ᠲᠤᠭᠳᠠᠭᠠᠨ ᠬᠡᠷᠡᠭᠵᠢᠭᠦᠯᠦᠭᠰᠡᠨ ᠪᠦᠬᠦ ᠶᠠᠪᠤᠴᠠ ᠶᠢ ᠲᠤᠭᠠᠴᠢᠪᠠ᠃ ᠳᠠᠷᠠᠭ᠎ᠠ ᠨᠢ ᠮᠣᠩᠭᠣᠯ ᠶᠠᠷᠢᠶᠠᠨ ᠦ ᠬᠡᠯᠡᠨ ᠦ ᠰᠤᠳᠤᠯᠭᠠᠨ ᠦ ᠪᠠᠢ᠌ᠳᠠᠯ ᠢ ᠤᠷᠴᠢᠨ ᠴᠠᠭ ᠤᠨ ᠮᠣᠩᠭᠣᠯ ᠬᠡᠯᠡᠨ ᠦ ᠵᠦᠢ ᠶᠢᠨ ᠨᠤᠮ ᠪᠢᠴᠢᠭ᠌ ᠪᠠ ᠲᠤᠰᠬᠠᠢ ᠨᠤᠮ᠂ ᠦᠭᠦᠯᠡᠯ ᠵᠡᠷᠭᠡ ᠳᠤ ᠰᠤᠳᠤᠯᠤᠭᠰᠠᠨ ᠪᠠᠢ᠌ᠳᠠᠯ ᠭᠡᠵᠦ ᠲᠦᠷᠦᠯ ᠬᠤᠪᠢᠶᠠᠨ ᠬᠤᠷᠢᠶᠠᠩᠭ᠋ᠤᠢ᠌ᠯᠠᠪᠠ᠃ |