题名 |
ᠠᠯᠤᠰ ᠰᠠᠷᠠᠯ ᠪᠠ GIS ᠲᠤ ᠰᠠᠭᠤᠷᠢᠯᠠᠭᠰᠠᠨ ᠦᠪᠦᠷ ᠮᠣᠩᠭᠤᠯ ᠤᠨ ᠡᠵᠡᠨ᠎ᠡ ᠶᠢᠨ ᠨᠤᠭᠤᠭᠠᠨ ᠪᠦᠷᠢᠲᠦ ᠶᠢᠨ ᠠᠮᠢ ᠠᠬᠤᠢ ᠶᠢᠨ ᠬᠤᠪᠢᠷᠠᠯᠲᠠ ᠶᠢᠨ ᠪᠠᠢᠳᠠᠯ |
作者 |
ᠤᠯᠠᠭᠠᠨᠴᠡᠴᠡᠭ᠌; ᠴᠢᠨ ᠹᠦ᠋ ᠶᠢᠩ |
关键词 |
ᠡᠵᠡᠨ᠎ᠡ ᠶᠢᠨ ᠨᠤᠭᠤᠭᠠᠨ ᠪᠦᠷᠢᠲᠦ; ᠤᠷᠭᠤᠮᠠᠯ ᠤᠨ ᠬᠤᠴᠢᠴᠠ; ᠠᠮᠢ ᠠᠬᠤᠢ ᠶᠢᠨ ᠬᠤᠪᠢᠷᠠᠯᠲᠠ |
摘要 |
ᠦᠭᠦᠯᠡᠯ ᠳᠦ ᠬᠤᠶᠠᠷ ᠬᠤᠭᠤᠴᠠᠭᠠᠨ ᠤ Landsar TM ᠠᠯᠤᠰ ᠰᠠᠷᠠᠯ ᠤᠨ ᠵᠢᠷᠤᠭ ᠢ ᠠᠰᠢᠭᠯᠠᠨ᠂ ᠤᠷᠭᠤᠮᠠᠯ ᠤᠨ ᠢᠯᠡᠳᠭᠡᠮᠵᠢ (NDVI) ᠪᠠ ᠤᠷᠭᠤᠮᠠᠯ ᠤᠨ ᠬᠤᠴᠢᠴᠠ (VC) ᠶᠢ ᠪᠤᠳᠤᠬᠤ ᠪᠠᠷ ᠳᠠᠮᠵᠢᠨ᠂ 2006 ~ 2011 ᠣᠨ ᠤ ᠬᠤᠭᠤᠷᠤᠨᠳᠤᠬᠢ ᠡᠵᠡᠨ᠎ᠡ ᠶᠢᠨ ᠨᠤᠭᠤᠭᠠᠨ ᠪᠦᠷᠢᠲᠦ ᠶᠢᠨ ᠠᠮᠢ ᠠᠬᠤᠢ ᠶᠢᠨ ᠬᠤᠪᠢᠷᠠᠯᠲᠠ ᠶᠢ ᠵᠠᠳᠠᠯᠤᠭᠰᠠᠨ ᠪᠠᠢᠨ᠎ᠠ᠃ ᠦᠷ᠎ᠡ ᠳ᠋ᠦᠩ ᠦᠨ ᠲᠤᠭ᠎ᠠ ᠪᠠᠷᠢᠮᠲᠠ ᠠᠴᠠ ᠦᠵᠡᠪᠡᠯ᠄ 2006 ~ 2011 ᠣᠨ ᠤ ᠬᠤᠭᠤᠷᠤᠨᠳᠤ ᠡᠵᠡᠨ᠎ᠡ ᠶᠢᠨ ᠨᠤᠭᠤᠭᠠᠨ ᠪᠦᠷᠢᠲᠦ ᠶᠢᠨ ᠤᠷᠭᠤᠮᠠᠯ ᠤᠨ ᠬᠤᠴᠢᠴᠠ ᠢᠯᠡᠳᠲᠡ ᠬᠤᠪᠢᠷᠠᠯᠲᠠ ᠭᠠᠷᠴᠠᠢ᠃ ᠳᠠᠷᠤᠢ᠂ ᠳᠤᠤᠷ᠎ᠠ ᠳᠡᠰ ᠦᠨ ᠤᠷᠭᠤᠮᠠᠯ ᠤᠨ ᠬᠤᠴᠢᠴᠠ ᠲᠠᠢ ᠭᠠᠵᠠᠷ ᠤᠨ ᠲᠠᠯᠠᠪᠠᠢ ᠬᠤᠷᠤᠭᠳᠠᠨ᠂ ᠦᠨᠳᠦᠷ ᠳᠡᠰ ᠦᠨ ᠤᠷᠭᠤᠮᠠᠯ ᠤᠨ ᠬᠤᠴᠢᠴᠠ ᠲᠠᠢ ᠭᠠᠵᠠᠷ ᠤᠨ ᠲᠠᠯᠠᠪᠠᠢ ᠡᠨᠡᠮᠭᠳᠡᠵᠦ᠂ ᠬᠤᠷᠤᠭᠳᠠᠭᠰᠠᠨ ᠲᠠᠯᠠᠪᠠᠢ ᠨᠢ ᠨᠡᠮᠡᠭᠳᠡᠭᠰᠡᠨ ᠲᠠᠯᠠᠪᠠᠢ ᠠᠴᠠ ᠪᠠᠨ ᠶᠡᠬᠡ ᠪᠠᠢᠵᠤ᠂ ᠶᠡᠷᠦᠩᠬᠡᠢ ᠳᠡᠭᠡᠨ ᠠᠮᠢ ᠠᠬᠤᠢ ᠮᠠᠭᠠᠳᠠᠬᠤ ᠬᠠᠨᠳᠤᠰᠢ ᠲᠠᠢ ᠪᠠᠢᠨ᠎ᠠ᠃ ᠡᠨᠡ ᠨᠢ ᠭᠤᠤᠯᠳᠠᠭᠤ ᠲᠤᠬᠠᠢ ᠶᠢᠨ ᠭᠠᠵᠠᠷ ᠤᠨ ᠪᠠᠢᠭᠠᠯᠢ ᠶᠢᠨ ᠰᠢᠯᠲᠠᠭᠠᠨ ᠵᠢᠴᠢ ᠬᠦᠮᠦᠨ ᠲᠦᠷᠦᠯᠬᠢᠲᠡᠨ ᠦ ᠬᠦᠳᠡᠯᠭᠡᠭᠡᠨ ᠡᠴᠡ ᠪᠤᠯᠤᠭᠰᠠᠨ ᠶᠤᠮ᠃ |
原文 |
没有原文
|
出自 |
内蒙古师范大学学报(自然科学蒙古文版)
2014年
第2期
|