论文信息


题名 ᠮᠤᠩᠭᠤᠯ ᠪᠦᠭᠡ ᠮᠦᠷᠭᠦᠯ ᠤᠨ ᠭᠤᠤᠯ ᠦᠵᠡᠯᠳᠡ ᠤᠢᠯᠠᠭᠠᠭᠳᠠᠬᠤᠨ ᠤ ᠡᠬᠦᠰᠤᠯ ᠬᠦᠭᠵᠢᠯ ᠤᠨ ᠤᠯᠠ ᠮᠦᠷ ᠢ ᠬᠠᠢᠬᠤ ᠨᠢ
作者 ᠰᠠᠷᠠᠭ᠋ᠤᠯ
关键词 ᠮᠤᠩᠭᠤᠯ ᠪᠦᠭᠡ ᠮᠤᠷᠭᠦᠯ; ᠭᠤᠷᠪᠠᠨ ᠶᠢᠷᠳᠢᠨᠴᠦ ᠶᠢᠨ ᠦᠵᠡᠯᠳᠡ; ᠡᠵᠡᠳ ᠤᠩᠭᠤᠨ ᠤ ᠦᠵᠡᠯᠳᠡ; ᠰᠦᠨ᠋ᠡᠰᠤ ᠶᠢᠨ ᠦᠵᠡᠯᠳᠡ; ᠡᠬᠦᠰᠤᠯ ᠬᠦᠭᠵᠢᠯ
摘要 ᠪᠦᠭᠡ ᠮᠦᠭᠦᠯ ᠤᠨ ᠭᠤᠷᠪᠠᠨ ᠶᠢᠷᠳᠢᠨᠴᠦ ᠶᠢᠨ ᠦᠵᠡᠯᠳᠡ ᠤᠢᠯᠠᠭ᠋ᠭᠳᠠᠬᠤᠨ ᠨᠢ ᠬᠠᠷ᠎ᠠ ᠵᠦᠭ ᠤᠨ ᠪᠦᠭᠡ ᠨᠠᠷ ᠤᠨ ᠨᠢᠭᠡ ᠯᠡ ᠶᠢᠷᠳᠢᠨᠴᠦ ᠳᠤ ᠤᠷᠤᠰᠢᠳᠠᠭ ᠲᠡᠭᠡᠳᠤ᠂ ᠲᠤᠮᠳᠠ᠂ ᠲᠤᠤᠷᠠᠳᠤ ᠬᠡᠬᠦ ᠭᠤᠷᠪᠠᠨ ᠲᠢᠪ ᠤᠨ ᠲᠠᠪᠬᠤᠷᠯᠠᠨ ᠤᠷᠤᠰᠢᠳᠠᠭ ᠤᠢᠯᠠᠭ᠋ᠭᠳᠠᠬᠤᠨ ᠡᠴᠨ ᠪᠤᠷᠬᠠᠨ ᠱᠠᠰᠢᠨ ᠤ ᠳ᠋ᠸᠪᠡᠵᠠᠨ᠂ ᠲᠠᠮᠦ ᠶᠢᠨ ᠤᠷᠤᠨ ᠤ ᠦᠵᠡᠯᠳᠡ ᠶᠢᠨ ᠨᠦᠯᠦᠭᠡ ᠵᠢ ᠬᠦᠷᠳᠡᠭᠡᠳ ᠴᠠᠭ᠋ᠠᠨ ᠵᠦᠢᠭ ᠤᠨ ᠪᠦᠭᠡ ᠨᠠᠷ ᠤᠨ ᠲᠡᠭᠡᠳᠤ᠂ ᠲᠤᠮᠳᠠ᠂ ᠲᠤᠤᠷᠠᠳᠤ ᠬᠡᠬᠦ ᠭᠤᠷᠪᠠᠨ ᠶᠢᠷᠳᠢᠨᠴᠦ ᠶᠢᠨ ᠦᠵᠯᠡᠳᠡ ᠪᠤᠯᠵᠦ ᠬᠤᠪᠢᠷᠠᠭᠰᠠ ᠪᠠᠢᠨ᠎ᠠ᠃ ᠶᠡᠭᠡ ᠪᠠᠢᠭ᠋ᠠᠯᠡᠢ ᠶᠢᠨ ᠡᠵᠡᠳ ᠰᠠᠬᠢᠭ᠋ᠤᠰᠤ ᠶᠢᠨ ᠦᠵᠡᠯᠳᠡ᠂ ᠲᠤᠲ᠋ᠸᠮ ᠤᠨ ᠦᠵᠡᠯᠳᠠ᠂ ᠨᠠᠰᠤ ᠨᠦᠭᠴᠢᠭᠰᠡᠡ ᠡᠪᠤᠭᠡ ᠲᠡᠭᠡᠳᠤᠰ ᠤᠨ ᠰᠦᠨ᠋ᠡᠰᠦᠨ ᠤ ᠦᠵᠡᠯᠳᠠ ᠶᠢᠨ ᠰᠠᠭ᠋ᠤᠷᠢᠨ ᠲᠡᠭᠡᠷ᠎ᠡ ᠮᠤᠩᠭᠤᠯ ᠪᠦᠭᠡ ᠮᠦᠷᠭᠦᠯ ᠤᠨ ᠡᠵᠡᠳ ᠤᠩᠭᠤᠳ ᠤ ᠰᠢᠳᠤᠯᠭᠡ ᠲᠠᠬᠢᠯᠭ᠎ᠠ ᠲᠠᠭ᠋ᠤᠳᠠᠯᠭ᠎ᠠ ᠪᠤᠢ ᠪᠤᠯᠪᠠ᠃ ᠪᠦᠬᠡ ᠮᠦᠷᠭᠦᠯ ᠤᠨ 《ᠡᠭᠡ ᠶᠢᠨ ᠲᠠᠯ᠎ᠠ ᠡᠴᠨ ᠤᠯᠵᠦ ᠠᠪᠳᠠᠭ ᠮᠢᠬ᠎ᠠ᠂ ᠴᠢᠰᠦᠨ ᠤ ᠰᠦᠨ᠋ᠡᠰᠤ ᠪᠤᠶᠤ ᠡᠵᠡᠨ᠂ ᠡᠴᠢᠭᠡ ᠶᠢᠨ ᠲᠠᠯ᠎ᠠ ᠡᠴᠨ ᠤᠯᠵᠦ ᠠᠪᠳᠠᠭ ᠶᠠᠰᠤᠨ ᠤ ᠰᠦᠨ᠋ᠡᠰᠤ ᠪᠤᠶᠤ ᠡᠵᠡᠨ᠂ ᠭᠤᠷᠪᠠᠳᠡᠬᠢ ᠨᠢ ᠲᠡᠭᠷᠢ ᠰᠦᠨ᠋ᠡᠰᠤ》ᠭᠡᠬᠦ ᠦᠵᠡᠯᠳᠡ ᠨᠢ ᠤᠳᠤ ᠦᠶ᠎ᠡ ᠶᠢᠨ ᠤᠳᠤᠮᠰᠢᠯ ᠤᠨ ᠤᠭᠠᠭ᠋ᠠᠨ  ᠡᠬᠡ ᠶᠢᠨ ᠤᠳᠤᠮ ᠡᠴᠨ ᠮᠢᠬ᠎ᠠ ᠴᠢᠰᠤ ᠵᠢ ᠤᠯᠵᠦ᠂ ᠡᠴᠢᠭᠡ ᠶᠢᠨ ᠤᠭ ᠡᠴᠨ ᠶᠠᠰᠤ ᠵᠢ ᠵᠠᠯᠭ᠋ᠠᠮᠵᠢᠯᠠᠵᠦ ᠠᠪᠳᠠᠭ ᠬᠡᠬᠦ ᠦᠵᠡᠯᠳᠡ ᠲᠠᠢ ᠨᠡᠢᠴᠡᠬᠦ ᠶᠤᠮ᠃ ᠮᠤᠩᠭᠤᠯ ᠪᠦᠭᠡ ᠮᠦᠷᠭᠦᠯ ᠤᠨ ᠭᠤᠤᠯ ᠦᠵᠡᠯᠳᠡ ᠤᠢᠯᠠᠭ᠋ᠠᠯᠳᠠ ᠵᠢ ᠨᠠᠷᠢᠪᠴᠢᠯᠡᠨ ᠰᠢᠨᠵᠢᠡᠯᠬᠦ ᠨᠢ ᠪᠦᠭᠡ ᠮᠦᠷᠭᠦᠯ ᠤ ᠡᠬᠦᠰᠤᠯ ᠭᠦᠭᠵᠢᠯ ᠤᠨ ᠲᠡᠤᠭᠡ᠂ ᠪᠦᠬᠡᠯᠡᠯᠭᠡ ᠶᠢᠨ ᠶᠤᠰᠤ ᠵᠠᠩᠰᠢᠯ᠂ ᠰᠢᠳᠤᠯᠭᠡ ᠲᠠᠬᠢᠯᠭ᠎ᠠ ᠶᠢᠨ ᠤᠯᠠᠷᠢᠯ ᠬᠤᠪᠢᠰᠤᠯ ᠢ ᠤᠢᠯᠠᠭ᠋ᠠᠬᠤ ᠳᠤ ᠠᠴᠢ ᠲᠤᠰᠠ ᠲᠠᠢ ᠪᠦᠭᠡᠳ ᠪᠦᠭᠡ ᠮᠦᠷᠭᠦᠯ ᠤᠨ ᠡᠷᠳᠡᠨ ᠤ ᠪᠤᠷᠤᠭᠵᠢᠭ᠋ᠤᠨ ᠪᠤᠳᠠᠰᠴᠢ ᠦᠵᠡᠯ᠂ ᠠᠷᠠᠳ ᠤᠨ ᠮᠡᠳᠡᠯᠭᠡ ᠵᠢ ᠰᠢᠨᠵᠢᠯᠡᠬᠦ ᠳᠤ ᠴᠢᠬᠤᠯᠠ ᠠᠴᠢ ᠬᠤᠯᠪᠤᠭᠳᠠᠯ ᠲᠠᠢ ᠶᠤᠮ᠃
原文 没有原文
出自 中国蒙古学 2014年 第5期

联系我们


内蒙古大学图书馆
呼和浩特市大学西路235号
中国·内蒙古
P: (0471) 4992561
E: huangfeilong@imu.edu.cn