摘要 |
ᠳᠤᠰ ᠦᠭᠦᠯᠡᠯ ᠳᠤ᠂ ᠮᠣᠩᠭᠣᠯ ᠬᠡᠯᠡᠨ ᠳᠤ ᠤᠯᠠᠨ ᠲᠤᠬᠢᠶᠠᠯᠳᠤᠳᠠᠭ ᠬᠤᠷᠰᠢᠮᠠᠯ ᠬᠡᠯᠪᠡᠷᠢ ᠲᠠᠢ᠂ ᠰᠠᠯᠤᠩᠬᠢ ᠪᠦᠴᠳᠦᠴᠡ ᠲᠠᠢ ᠦᠬᠡᠨ ᠳᠡᠬᠢ ᠪᠡᠶ ᠠ ᠳᠠᠭᠠᠭᠠᠭᠰᠠᠨ ᠤᠳᠬ᠎ᠠ ᠦᠭᠡᠢ᠂ ᠬᠡᠯᠡᠨ ᠦ ᠪᠡᠶ ᠠ ᠳᠠᠭᠠᠭᠠᠵᠤ ᠴᠢᠯᠦᠭᠡᠲᠡᠢ ᠬᠡᠷᠡᠭᠯᠡᠭᠳᠡᠬᠦ ᠦᠭᠡᠢ ᠪᠦᠷᠢᠯᠳᠦᠭᠦᠨ ᠢ ᠬᠤᠷᠢᠶᠠᠩᠭ᠋ᠤᠢ᠌ᠯᠠᠨ ᠰᠢᠨᠵᠢᠭᠡᠳ᠂ ᠳᠡᠳᠡᠭᠡᠷ ᠢ 《ᠰᠠᠯᠤᠩᠬᠢ ᠢᠵᠠᠭᠤᠷ᠂ ᠰᠠᠯᠤᠩᠬᠢ ᠦᠶ ᠡ᠂ ᠰᠠᠯᠤᠩᠬᠢ ᠦᠨᠳᠦᠰᠦ》ᠬᠡᠬᠦ ᠮᠡᠳᠦ ᠨᠡᠷᠡᠯᠡᠭᠡᠳ᠂ ᠡᠳᠡᠭᠡᠷ ᠤᠨ ᠤᠷᠤᠯᠴᠠᠭ᠎ᠠ ᠲᠠᠢ ᠪᠦᠳᠦᠭᠰᠡᠨ ᠬᠤᠷᠰᠢᠮᠠᠯ ᠬᠡᠯᠪᠡᠷᠢ ᠲᠠᠢ ᠦᠭᠡᠰ ᠢ ᠳᠤᠰ ᠳᠤᠰ ᠰᠠᠯᠤᠩᠬᠢ ᠢᠵᠠᠭᠤᠷᠳᠤ ᠦᠬᠡ᠂ ᠰᠠᠯᠤᠩᠬᠢ ᠦᠶᠡᠳᠦ ᠦᠬᠡ᠂ ᠰᠠᠯᠤᠩᠬᠢ ᠦᠨᠳᠦᠰᠦᠳᠦ ᠦᠬᠡ ᠬᠡᠵᠦ ᠳᠠᠢ᠌ᠯᠪᠤᠷᠢᠯᠠᠵᠠᠢ᠃ ᠳᠡᠭᠡᠭᠡᠳ ᠪᠠᠰᠠ ᠮᠣᠩᠭᠣᠯ ᠬᠡᠯᠡᠨ ᠦ ᠦᠬᠡ ᠪᠦᠳᠦᠴᠡ ᠪᠡᠷ ᠵᠠᠯᠭᠠᠮᠠᠯ ᠦᠶᠡᠳᠦ ᠦᠬᠡ᠂ ᠰᠠᠯᠤᠩᠬᠢ ᠢᠵᠠᠭᠤᠷᠳᠤ ᠦᠬᠡ ᠂ ᠰᠠᠯᠤᠩᠬᠢ ᠦᠶᠡᠳᠦ ᠦᠬᠡ᠂ ᠰᠠᠯᠤᠩᠬᠢ ᠦᠨᠳᠦᠰᠦᠳᠦ ᠦᠬᠡ ᠂ ᠬᠤᠷᠢᠶ ᠠ ᠦᠬᠡ᠂ ᠳᠠᠪᠳᠠᠮᠠᠯ ᠦᠬᠡ ᠬᠡᠵᠦ ᠵᠢᠷᠭᠤᠭᠠᠨ ᠲᠦᠷᠦᠯ ᠬᠤᠪᠢᠶᠠᠨ ᠰᠢᠨᠵᠢᠯᠡᠭᠰᠡᠨ ᠪᠠᠢ᠌ᠨ᠎ᠠ᠃ |