摘要 |
ᠦᠭᠦᠯᠡᠯ ᠳᠤ 《ᠷᠠᠰᠢᠶᠠᠨ ᠤ ᠲᠤᠰᠤᠯ》 ᠤᠨ ᠮᠤᠩᠭ᠋ᠤᠯ ᠤᠷᠴᠢᠭᠤᠯᠭ᠎ᠠ ᠶᠢᠨ ᠡᠬᠡ ᠨᠤᠭᠦᠳ ᠤᠨ ᠪᠠᠷ ᠬᠡᠪᠯᠡᠯ ᠵᠢᠴᠢ ᠰᠤᠷᠪᠤᠯᠵᠢ ᠪᠢᠴᠢᠭ᠌ ᠤᠨ ᠲᠠᠯ᠎ᠠ ᠪᠡᠷ ᠬᠢ ᠤᠨᠴᠠᠯᠢᠭ ᠢ ᠨᠠᠷᠢᠨ ᠲᠠᠨᠢᠯᠴᠠᠭᠤᠯᠬᠤ ᠶᠢ ᠬᠢᠴᠢᠶᠡᠵᠡᠢ᠃ ᠡᠭᠦᠨ ᠳᠤ ᠮᠤᠩᠭ᠋ᠤᠯ 《ᠳ᠋ᠠᠨᠵᠤᠤᠷ》 ᠲᠤ ᠬᠢ ᠦᠵᠦᠮᠦᠴᠢᠨ ᠤ ᠴᠠᠪᠳᠠᠨ ᠪᠠᠢ᠌ᠯ᠎ᠡ ᠶᠢᠨ ᠬᠤᠰᠢᠭᠤᠨ ᠤ ᠯᠤᠪᠰᠠᠩᠳᠠᠨᠵᠢᠨ ᠤ ᠤᠷᠴᠢᠭᠤᠯᠭ᠎ᠠ᠂ ᠴᠠᠬᠠᠷ ᠬᠡᠪᠰᠢ ᠯᠤᠪᠰᠠᠩᠴᠦ᠋ᠯᠳᠦᠮ ᠤᠨ ᠤᠷᠴᠢᠭᠤᠯᠭ᠎ᠠ᠂ ᠪᠤᠷᠢᠶᠠᠳ ᠤᠨ ᠭᠠᠯᠰᠠᠩᠵᠢᠮᠪᠠ ᠶᠢᠨ ᠤᠷᠴᠢᠭᠤᠯᠭ᠎ᠠ᠂ ᠪᠤᠷᠢᠶᠠᠳ ᠤᠨ ᠨᠤᠮᠳᠤ ᠶᠢᠨ ᠷᠢᠨᠴᠢᠨ ᠤ ᠤᠷᠴᠢᠭᠤᠯᠭ᠎ᠠ᠂ ᠳ᠋ᠠᠢ ᠭᠦᠦᠰᠢ ᠠᠭᠸᠠᠩᠳᠠᠮᠫᠢᠯ ᠤᠨ ᠤᠷᠴᠢᠭᠤᠯᠭ᠎ᠠ ᠵᠡᠷᠭᠡ ᠲᠠᠪᠤᠨ ᠵᠦᠢᠯ ᠤᠨ ᠤᠷᠴᠢᠭᠤᠯᠭ᠎ᠠ ᠶᠢᠨ ᠡᠬᠡ ᠡᠴᠡ ᠭᠠᠳᠠᠨ᠎ᠠ ᠡᠷᠳᠡᠮ ᠰᠢᠨᠵᠢᠯᠡᠭᠡᠨ ᠤ ᠡᠷᠭᠢᠯᠳᠡ ᠳᠤ ᠬᠠᠷᠠᠬᠠᠨ ᠤᠷᠤᠵᠤ ᠴᠢᠳᠠᠭ᠎ᠠ ᠦᠭᠡᠢ ᠬᠠᠯᠢᠮᠠᠭ ᠲᠤ ᠬᠢ 《ᠷᠠᠰᠢᠶᠠᠨ ᠨᠤᠮ ᠤᠨ ᠲᠤᠭᠤᠵᠢ》 ᠵᠢᠴᠢ ᠵᠤᠬᠢᠶᠠᠭᠴᠢ ᠶᠢᠨ ᠰᠢᠨ᠎ᠡ ᠪᠡᠷ ᠢᠯᠡᠷᠡᠭᠦᠯᠦᠭᠰᠡᠨ 《ᠷᠠᠰᠢᠶᠠᠨ ᠤ ᠲᠤᠰᠤᠯ》 ᠤᠨ ᠤᠷᠴᠢᠭᠤᠯᠭ᠎ᠠ (ᠪᠦᠷᠢᠨ ᠪᠤᠰᠤ)ᠵᠡᠷᠭᠡ ᠡᠬᠡ ᠨᠤᠭᠦᠳ ᠢ ᠪᠠᠭᠳᠠᠭᠠᠨ ᠲᠠᠨᠢᠯᠴᠠᠭᠤᠯᠵᠠᠢ᠃ |