题名 |
ᠮᠠᠨᠵᠤ ᠠᠯᠢ ᠭᠠᠯᠢ ᠶᠢᠨ ᠳᠤᠬᠠᠢ ᠦᠬᠦᠯᠡᠬᠦ ᠨᠢ |
作者 |
ᠴᠠᠭᠠᠨᠰᠠᠷ᠎ᠠ |
关键词 |
ᠮᠠᠨᠵᠤ ᠠᠯᠢ ᠭᠠᠯᠢ; ᠰᠠᠨᠰᠺᠷᠢᠲ ᠬᠡᠯᠡᠨ ᠤ ᠪᠠ ᠲᠦᠪᠡᠳ ᠬᠡᠯᠡᠨ ᠤ ᠰᠢᠰᠲ᠋ᠸᠮ;ᠮᠠᠨᠵᠤ ᠮᠤᠩᠭ᠋ᠤᠯ ᠠᠯᠢ ᠭᠠᠯᠢ ᠶᠢᠨ ᠬᠠᠷᠢᠴᠠᠭ᠎ᠠ |
摘要 |
ᠮᠠᠨᠵᠤ ᠦᠰᠦᠭ ᠪᠤᠯ ᠮᠤᠩᠭ᠋ᠤᠯ ᠦᠰᠦᠭ ᠪᠢᠴᠢᠭ᠌ ᠤᠨ ᠲᠡᠤᠬᠡ ᠲᠠᠢ ᠨᠢᠭᠳᠡ ᠬᠤᠯᠪᠤᠭ᠎ᠠ ᠲᠠᠢ ᠨᠢᠬᠡ ᠵᠦᠢᠯ ᠤᠨ ᠦᠰᠦᠭ ᠪᠢᠴᠢᠭ᠌ ᠪᠤᠯᠤᠨ᠎ᠠ᠃ ᠮᠤᠩᠭ᠋ᠤᠯ ᠦᠰᠦᠭ ᠪᠢᠴᠢᠭ᠌ ᠤᠨ ᠲᠡᠤᠬᠡᠨ ᠳᠡᠭᠡᠷ᠎ᠡ᠂ ᠮᠤᠩᠭ᠋ᠤᠯ ᠦᠰᠦᠭ ᠤᠨ ᠰᠠᠭᠤᠷᠢᠨ ᠳᠡᠭᠡᠷ᠎ᠡ ᠵᠤᠬᠢᠶᠠᠭᠳᠠᠭᠰᠠᠨ ᠠᠯᠢ ᠭᠠᠯᠢ ᠭᠡᠳᠡᠭ ᠭᠠᠯᠢᠭ ᠦᠰᠦᠭ ᠤᠨ ᠰᠢᠰᠲ᠋ᠸᠮ ᠨᠢ ᠰᠠᠨᠰᠺᠷᠢᠲ ᠲᠦᠪᠡᠳ ᠪᠤᠷᠬᠠᠨ ᠱᠠᠰᠢᠨ ᠤ ᠨᠤᠮ ᠤᠨ ᠮᠤᠩᠭ᠋ᠤᠯ ᠬᠡᠯᠡᠨ ᠤ ᠤᠷᠴᠢᠭᠤᠯᠭ᠎ᠠ ᠳᠤ ᠬᠡᠷᠡᠭᠯᠡᠭᠳᠡᠵᠤ ᠪᠠᠢᠢᠭᠰᠠᠨ ᠲᠠᠢ ᠠᠳᠠᠯᠢ ᠪᠡᠷ᠂ 18 ᠳ᠋ᠤᠭᠠᠷ ᠵᠠᠭᠤᠨ ᠤ ᠳᠤᠮᠳᠠᠴᠢ ᠦᠶ᠎ᠡ ᠪᠡᠷ ᠮᠠᠨᠵᠤ ᠦᠰᠦᠭ ᠤᠨ ᠰᠠᠭᠤᠷᠢᠨ ᠳᠡᠭᠡᠷ᠎ᠡ ᠵᠤᠬᠢᠶᠠᠭᠳᠠᠭᠰᠠᠨ ᠮᠠᠨᠵᠤ ᠠᠯᠢ ᠭᠠᠯᠢ ᠶᠢᠨ ᠰᠢᠰᠲ᠋ᠸᠮ ᠨᠢ ᠪᠤᠷᠬᠠᠨ ᠱᠠᠰᠢᠨ ᠤ ᠨᠤᠮ ᠤᠨ ᠮᠠᠨᠵᠤ ᠬᠡᠯᠡᠨ ᠤ ᠤᠷᠴᠢᠭᠤᠯᠭ᠎ᠠ ᠳᠤ ᠬᠡᠷᠡᠭᠯᠡᠭᠳᠡᠬᠦ ᠪᠤᠯᠪᠠ᠃ ᠲᠤᠰ ᠠᠯᠢ ᠭᠠᠯᠢ ᠨᠢ ᠰᠠᠨᠰᠺᠷᠢᠲ ᠬᠡᠯᠡ ᠪᠠ ᠲᠦᠪᠡᠳ ᠬᠡᠯᠡᠨ ᠤ ᠬᠤᠶᠠᠷ ᠰᠢᠰᠲ᠋ᠸᠮ ᠳᠤ ᠬᠤᠪᠢᠶᠠᠭᠳᠠᠨ᠎ᠠ᠃ ᠮᠠᠨᠵᠤ ᠠᠯᠢ ᠭᠠᠯᠢ ᠨᠢ ᠮᠠᠨᠵᠤ ᠦᠰᠦᠭ ᠤᠨ ᠲᠦᠷᠰᠤ ᠬᠡᠯᠪᠡᠷᠢ ᠶᠢᠨ ᠰᠠᠭᠤᠷᠢᠨ ᠳᠡᠭᠡᠷ᠎ᠡ ᠵᠤᠬᠢᠶᠠᠭᠳᠠᠭᠰᠠᠨ ᠡᠴᠡ ᠰᠠᠨᠰᠺᠷᠢᠲ ᠲᠦᠪᠡᠳ ᠬᠡᠯᠡᠨ ᠳᠤ ᠯᠠ ᠪᠠᠢᠢᠳᠠᠭ ᠤᠨᠴᠠᠭᠠᠢ ᠠᠪᠢᠶᠠᠨ ᠳᠤ ᠳᠤᠬᠢᠷᠠᠭᠤᠯᠤᠨ ᠵᠤᠬᠢᠶᠠᠭᠰᠠᠨ ᠰᠢᠨ᠎ᠠ ᠳᠦᠷᠰᠤ ᠨᠤᠬᠦᠳ ᠲᠠᠢ ᠪᠠᠢᠢᠳᠠᠭ᠂ ᠴᠦᠬᠡᠩᠬᠢ ᠪᠠᠢᠢᠳᠠᠯ ᠳᠤ ᠮᠤᠩᠭ᠋ᠤᠯ ᠠᠯᠢ ᠭᠠᠯᠢ ᠶᠢᠨ ᠳᠦᠷᠰᠤ ᠬᠡᠯᠪᠡᠷᠢ ᠵᠢ ᠴᠤ ᠵᠢᠭᠡᠯᠡᠨ ᠠᠪᠤᠭᠰᠠᠨ ᠪᠠᠢᠢᠨ᠎ᠠ᠃ |
原文 |
查看原文
|
出自 |
内蒙古大学学报
2007年
第6期
|