题名 |
ᠶᠢᠷᠲᠢᠨᠴᠦ ᠵᠢᠨ ᠭᠤᠷᠪᠠ ᠵᠢᠨ ᠡᠭᠦᠰᠦᠯ ᠤᠨ ᠲᠣᠬᠠᠢ ᠬᠦᠮᠦᠨ ᠵᠦᠢ ᠵᠢᠨ ᠰᠦᠪᠡᠭ᠍ᠴᠢᠯᠡᠯ |
作者 |
ᠰᠢ·ᠬᠠᠰᠪᠠᠭᠠᠲᠤᠷ |
关键词 |
ᠶᠢᠷᠲᠢᠨᠴᠦ ᠵᠢᠨ ᠭᠤᠷᠪᠠ; ᠭᠤᠷᠪᠠ ᠵᠢ ᠡᠷᠬᠢᠮᠯᠡᠬᠦ; ᠪᠣᠷᠬᠠᠨ ᠤ ᠱᠠᠰᠢᠨ; ᠵᠦᠢᠷ ᠰᠡᠴᠡᠨ ᠦᠭᠡ |
摘要 |
ᠲᠤᠰ ᠦᠭᠦᠯᠡᠯ ᠳᠤ ᠬᠦᠮᠦᠨ ᠵᠦᠢ ᠵᠢᠨ ᠬᠠᠷᠠᠭᠠᠰᠤ ᠵᠢᠨ ᠮᠣᠩᠭ᠋ᠤᠯᠴᠤᠳ ᠤᠨ ᠠᠮᠠᠨ ᠵᠣᠬᠢᠶᠠᠯ ᠤᠨ ᠣᠨᠴᠠᠭᠠᠢ ᠨᠢᠭᠡ ᠲᠦᠷᠦᠯ ᠪᠣᠯᠬᠤ ᠶᠢᠷᠲᠢᠨᠴᠦ ᠵᠢᠨ ᠭᠤᠷᠪᠠ ᠵᠢᠨ ᠡᠭᠦᠰᠦᠯ ᠢ ᠮᠣᠩᠭ᠋ᠤᠯᠴᠤᠳ ᠤᠨ ᠭᠤᠷᠪᠠ ᠵᠢ ᠡᠷᠬᠢᠮᠯᠡᠬᠦ ᠤᠯᠠᠮᠵᠢᠯᠠᠯᠲᠤ ᠰᠡᠳᠬᠢᠭᠦᠢ ᠲᠠᠢ ᠰᠢᠭᠤᠳ ᠬᠣᠯᠪᠤᠭ᠋ ᠠ ᠲᠠᠢ ᠭᠡᠵᠦ ᠦᠵᠡᠭᠡᠳ ᠭᠤᠷᠪᠠ ᠵᠢ ᠡᠷᠬᠢᠮᠯᠡᠬᠦ ᠵᠠᠩᠰᠢᠯ ᠤᠨ ᠲᠡᠦᠬᠡᠨ ᠤᠯᠪᠠᠭ᠋ ᠠ ᠵᠢ ᠰᠢᠨᠵᠢᠯᠡᠪᠡ᠃ ᠬᠣᠵᠢᠮ ᠤᠨ ᠦᠶ ᠡ ᠳᠤ ᠪᠣᠷᠬᠠᠨ ᠤ ᠱᠠᠰᠢᠨ ᠳᠡᠬᠢ ᠭᠤᠷᠪᠠ ᠵᠢ ᠡᠷᠬᠢᠮᠯᠡᠬᠦ ᠦᠵᠡᠯᠲᠡ ᠤᠯᠠᠮᠵᠢᠯᠠᠭᠳᠠᠨ ᠣᠷᠤᠵᠤ ᠢᠷᠡᠭᠡᠳ ᠮᠣᠩᠭ᠋ᠤᠯᠴᠤᠳ ᠤᠨ ᠳᠤᠮᠳᠠᠬᠢ ᠤᠤᠯ ᠤᠨ ᠦᠵᠡᠯᠲᠡ ᠲᠠᠢ ᠤᠶᠠᠯᠳᠤᠨ ᠨᠢᠭᠡᠳᠦᠭᠡᠳ ᠭᠤᠷᠪᠠ ᠵᠢ ᠡᠷᠬᠢᠮᠯᠡᠬᠦ ᠦᠵᠡᠯᠲᠡ ᠨᠢ ᠣᠯᠠᠮ ᠴᠢᠩᠭ᠋ᠠᠷᠠᠭᠰᠠᠨ ᠮᠦᠷᠲᠡᠭᠡᠨ ᠵᠢᠷᠲᠢᠨᠴᠦ ᠵᠢᠨ ᠭᠤᠷᠪᠠ ᠵᠢᠨ ᠪᠣᠢ ᠪᠣᠯᠬᠤ ᠳᠤ ᠰᠣᠶᠤᠯ ᠤᠨ ᠬᠦᠷᠦᠰᠦ ᠰᠢᠷᠣᠢ ᠪᠣᠯᠤᠭᠰᠠᠨ ᠭᠡᠵᠦ ᠦᠵᠡᠪᠡ᠃ ᠡᠭᠦᠨ ᠤ ᠳᠠᠭᠠᠤ ᠮᠣᠩᠭ᠋ᠤᠯᠴᠤᠳ ᠤᠨ ᠳᠤᠮᠳᠠᠬᠢ ᠠᠮᠠᠨ ᠵᠣᠬᠢᠶᠠᠯ ᠤᠨ ᠲᠦᠷᠦᠯ ᠤᠨ ᠬᠠᠷᠢᠯᠴᠠᠨ ᠰᠣᠯᠢᠪᠴᠠᠨ ᠬᠣᠪᠢᠷᠠᠬᠤ᠂ ᠲᠤᠯᠣᠭᠠᠢ ᠬᠣᠯᠪᠤᠵᠤ ᠰᠡᠭᠦᠯ ᠳᠠᠷᠤᠰᠢᠭᠤᠯᠬᠤ᠂ ᠮᠦᠷ ᠪᠦᠷᠢ ᠵᠢᠨ ᠬᠣᠭᠤᠷᠤᠨᠳᠤ ᠵᠡᠷᠭᠡᠴᠡᠭᠦᠯᠦᠨ ᠬᠣᠯᠪᠤᠬᠤ ᠵᠡᠷᠭᠡ ᠳᠠᠳᠭᠠᠯ ᠢ ᠬᠡᠯᠡᠨ ᠤ ᠣᠷᠴᠢᠨ ᠤ ᠲᠠᠯ ᠠ ᠡᠴᠡ ᠨᠢᠭᠲᠠᠯᠠᠨ ᠰᠢᠨᠵᠢᠯᠡᠵᠦ᠂ ᠡᠳᠡᠭᠡᠷ ᠨᠢ ᠶᠢᠷᠲᠢᠨᠴᠦ ᠵᠢᠨ ᠭᠤᠷᠪᠠ ᠵᠢᠨ ᠡᠭᠦᠰᠦᠯ ᠳᠤ ᠳᠤᠲᠠᠭᠳᠠᠵᠤ ᠪᠣᠯᠤᠰᠢ ᠦᠭᠡᠢ ᠨᠦᠭᠦᠴᠡᠯ ᠪᠣᠯᠤᠭᠰᠠᠨ ᠭᠡᠵᠦ ᠨᠤᠳᠠᠯᠠᠨ ᠦᠭᠦᠯᠡᠪᠡ᠃ |
原文 |
查看原文
|
出自 |
内蒙古大学学报
2010年
第2期
|