摘要 |
ᠲᠠᠯ ᠠ ᠨᠤᠲᠤᠭ ᠤᠨ ᠡᠯᠡᠰᠦᠷᠬᠡᠭ᠍ᠵᠢᠯ ᠤᠨ ᠠᠰᠠᠭᠤᠳᠠᠯ᠂ ᠢᠷᠭᠡᠳ ᠢ ᠨᠡᠭᠦᠯᠭᠡᠬᠦ ᠠᠰᠠᠭᠤᠳᠠᠯ ᠪᠣᠯ ᠮᠣᠩᠭ᠋ᠤᠯ ᠦᠨᠳᠦᠰᠦᠲᠡᠨ ᠤ ᠠᠮᠢ ᠠᠬᠤᠢ ᠶᠢᠨ ᠺᠢᠨᠤ᠋ ᠶᠢᠨ ᠲᠤᠰᠬᠠᠭᠰᠠᠨ ᠭᠣᠣᠯ ᠠᠭᠤᠯᠭ᠋ ᠠ᠂ ᠮᠣᠩᠭ᠋ᠤᠯ ᠦᠨᠳᠦᠰᠦᠲᠡᠨ ᠤ ᠠᠮᠢ ᠠᠬᠤᠢ ᠶᠨ ᠦᠵᠡᠯ ᠰᠠᠨᠠᠭ᠋ ᠠ ᠪᠣᠯ ᠺᠢᠨᠤ᠋ ᠶᠢᠨ ᠢᠯᠡᠷᠡᠭᠦᠯᠦᠭᠰᠡᠨ ᠭᠣᠣᠯ ᠦᠵᠡᠯ ᠰᠠᠨᠠᠭ᠋ ᠠ᠂ ᠺᠢᠨᠤ᠋ ᠶᠢᠨ ᠤᠷᠠᠯᠢᠭ ᠤᠨ ᠬᠠᠪᠢᠰᠤᠯᠠᠯ ᠭᠦᠢᠴᠡᠳ ᠦᠭᠡᠢ᠂ ᠠᠮᠢ ᠠᠬᠤᠢ ᠶᠢᠨ ᠭᠦᠨ ᠤᠬᠠᠭᠠᠨ ᠤ ᠦᠨᠳᠦᠷᠴᠡ ᠳᠤ ᠬᠦᠷᠴᠦ ᠴᠢᠳᠠᠭ᠋ ᠠ ᠦᠭᠡᠢ ᠪᠣᠯ ᠣᠷᠤᠰᠢᠵᠤ ᠪᠠᠢᠢᠭ᠋᠌ ᠠ ᠴᠢᠬᠤᠯᠠ ᠠᠰᠠᠭᠤᠳᠠᠯ ᠮᠦᠨ᠃ ᠦᠢᠯᠡᠳᠪᠦᠷᠢᠯᠠᠯ ᠤᠨ ᠬᠡᠯᠪᠡᠷᠢ ᠶᠢᠨ ᠣᠨᠴᠠᠭᠠᠢ ᠰᠢᠨᠵᠢ ᠡᠴᠡ ᠪᠤᠯᠵᠤ ᠨᠡᠭᠦᠳᠠᠯ ᠦᠨᠳᠦᠰᠦᠲᠡᠨ ᠤ ᠰᠣᠶᠣᠯ ᠲᠤᠮᠳᠠ ᠬᠦᠮᠦᠨ ᠪᠠᠢᠢᠭᠠᠯᠢ ᠶᠢᠨ ᠬᠠᠷᠢᠴᠠᠭᠠᠨ ᠤ ᠬᠣᠪᠢ ᠶᠢᠨ ᠵᠠᠩ ᠨᠢ ᠮᠠᠰᠢ ᠬᠦᠨᠳᠦ᠂ ᠮᠣᠩᠭ᠋ᠤᠯ ᠦᠨᠳᠦᠰᠦᠲᠡᠨ ᠤ ᠤᠳᠬ ᠠ ᠤᠷᠠᠯᠢᠭ ᠨᠢ ᠡᠷᠲᠡ ᠴᠠᠭ ᠡᠴᠡ ᠨᠠᠭᠠᠰᠢ ᠬᠦᠮᠦᠨ ᠪᠠᠢᠢᠭᠠᠯᠢ ᠶᠢᠨ ᠬᠠᠷᠢᠴᠠᠭᠠᠨ ᠳᠤ ᠠᠩᠬᠠᠷᠤᠯ ᠢᠢᠡᠨ ᠬᠠᠨᠳᠤᠭᠤᠯᠤᠭᠰᠠᠭᠠᠷ ᠢᠷᠡᠵᠡᠢ᠃ ᠺᠢᠨᠤ᠋ ᠪᠡᠷ ᠠᠪᠴᠦ ᠬᠡᠯᠡᠪᠡᠯ᠂ 《ᠰᠢᠨ᠌ ᠠ ᠡᠷᠢᠨ》 ᠡᠴᠡ ᠡᠮᠦᠨᠨᠡᠬᠢ ᠴᠦᠬᠡᠨ ᠬᠡᠳᠦᠨ ᠮᠣᠩᠭ᠋ᠤᠯ ᠰᠡᠳᠦᠪᠯᠡᠬᠦᠨᠲᠦ ᠺᠢᠨᠤ᠋ ᠲᠤᠮᠳᠠ ᠬᠡᠶᠠᠷ ᠺᠢᠨᠤ᠋ ᠨᠢ ᠬᠦᠮᠦᠨ ᠪᠠᠢᠢᠭᠠᠯᠢ ᠶᠢᠨ ᠬᠠᠷᠢᠴᠠᠭᠠᠨ ᠤ ᠠᠰᠠᠭᠤᠳᠠᠯ ᠢ ᠬᠦᠨᠳᠡᠭᠰᠡᠨ ᠪᠠᠢᠢᠪᠠ᠃ ᠰᠢᠨ᠌ ᠠ ᠵᠠᠭᠤᠨ ᠳᠤ ᠣᠷᠤᠭᠠᠳ ᠮᠣᠩᠭ᠋ᠤᠯ ᠦᠨᠳᠦᠰᠦᠲᠡᠨ ᠤ ᠠᠮᠢ ᠠᠬᠤᠢ ᠶᠢᠨ ᠺᠢᠨᠤ᠋ ᠵᠢᠩᠭᠢᠨᠢ ᠪᠡᠢ ᠠᠰᠡᠨᠢᠵᠦ ᠣᠳᠣ ᠪᠣᠯᠲᠠᠯ ᠠ《ᠭᠣᠪᠢ ᠶᠢᠨ ᠮᠣᠩᠬᠡ ᠲᠣᠣᠷᠢ》᠂《ᠰᠣᠮᠢᠶ ᠠ ᠶᠢᠨ ᠰᠤᠩᠭ᠋ᠤᠯᠲᠠ》᠂《ᠴᠠᠭ ᠤᠨ ᠰᠡᠷᠡᠯ》᠂《ᠦᠨᠦᠴᠢᠨ ᠲᠡᠮᠡᠭᠠᠨ ᠤ ᠨᠢᠯᠪᠤᠰᠦ》ᠵᠡᠷᠭᠡ ᠲᠦᠷᠪᠡᠨ ᠺᠢᠨᠤ᠋ ᠰᠡᠭᠦᠳᠡᠷᠯᠡᠭᠲᠡᠵᠡᠢ᠃ |