论文信息


题名 ᠦᠪᠦᠷ ᠮᠣᠩᠭ᠋ᠤᠯ ᠤᠨ ᠠᠩᠬᠠᠨ ᠤ ᠴᠣᠮᠤᠭ《ᠤᠷᠠᠨ ᠵᠣᠬᠢᠶᠠᠯ ᠤᠨ ᠲᠡᠭᠦᠪᠦᠷᠢ》 ᠶᠢᠨ ᠪᠡᠷ ᠵᠦᠢ ᠬᠢᠭᠡᠳ ᠵᠣᠬᠢᠶᠠᠯ ᠤᠨ ᠠᠭᠤᠯᠭ᠋ ᠠ—ᠵᠢᠴᠢ ᠤᠠᠯᠠᠭᠠᠨᠬᠦᠦ ᠵᠢ ᠮᠠᠭᠲᠠᠭᠰᠠᠨ ᠵᠠᠷᠢᠮ ᠵᠣᠬᠢᠶᠠᠯ ᠬᠢᠭᠡᠳ ᠲᠡᠭᠦᠨ ᠤ 《ᠡᠷᠬᠡ ᠲᠡᠭᠰᠢ ᠦᠪᠡᠷᠲᠡᠭᠡᠨ ᠵᠠᠰᠠᠬᠤ》 ᠵᠣᠷᠢᠯᠲᠠ ᠲᠣᠣᠷᠠᠬᠢ ᠰᠡᠳᠦᠪ ᠰᠠᠨᠠᠭ᠋ ᠠ
作者 ᠲᠡᠭᠦᠰᠪᠠᠶᠠᠷ
关键词 《ᠤᠷᠠᠨ ᠵᠣᠬᠢᠶᠠᠯ ᠤᠨ ᠲᠡᠭᠦᠪᠦᠷᠢ》;ᠤᠯᠠᠭᠠᠨᠬᠦᠦ ᠶᠢᠨ ᠮᠠᠭᠲᠠᠭᠠᠯ; 《ᠡᠷᠬᠡ ᠲᠡᠭᠰᠢ ᠦᠪᠡᠷᠲᠡᠭᠡᠨ ᠵᠠᠰᠠᠬᠤ》
摘要 ᠲᠤᠰ ᠦᠭᠦᠯᠡᠯ ᠳᠤ ᠦᠪᠦᠷ ᠮᠣᠩᠭ᠋ᠤᠯ ᠤᠨ ᠤᠷᠠᠯ ᠵᠣᠬᠢᠶᠠᠯ ᠤᠨ ᠠᠩᠬᠠᠨ ᠤ ᠴᠣᠮᠤᠭ ᠪᠣᠯᠬᠤ《ᠤᠷᠠᠨ ᠵᠣᠬᠢᠶᠠᠯ ᠤᠨ ᠲᠡᠭᠦᠪᠦᠷᠢ》(1950ᠣᠨ) ᠶᠢᠨᠪᠡᠷ ᠵᠦᠢ (ᠪᠠᠷᠯᠠᠭᠳᠠᠭᠰᠠᠨ ᠪᠠᠢᠢᠳᠠᠯ) ᠢ ᠲᠠᠨᠢᠯᠴᠠᠭᠤᠯᠵᠤ᠂ᠲᠡᠭᠦᠪᠦᠷᠢ ᠳᠤ ᠣᠷᠤᠭᠰᠠᠨ ᠬᠣᠪᠢᠰᠬᠠᠯᠲᠤ ᠤᠳᠬ ᠠ ᠵᠣᠬᠢᠶᠠᠯ ᠤᠨ ᠬᠣᠵᠢᠯ ᠤᠨ ᠦᠶ ᠡ ᠳᠤ ᠵᠦᠩᠳᠡᠭᠡᠨ ᠬᠠᠷᠠᠭᠳᠠᠳᠠᠭ ᠮᠠᠭᠳᠠᠭᠠᠯ ᠤᠨ ᠠᠶᠠᠰ᠂ ᠤᠬᠠᠭᠤᠯᠭ᠋ ᠠ ᠶᠢᠨ ᠤᠷᠢᠶ ᠠ᠂ ᠬᠦᠳᠡᠯᠭᠡᠭᠡᠨ ᠤ ᠬᠣᠭᠤᠯᠠᠢ ᠪᠣᠯᠤᠭᠰᠠᠨ ᠰᠢᠨᠵᠢ ᠨᠤᠭᠦᠳ ᠢᠯᠡᠷᠡᠨ ᠡᠬᠢᠯᠡᠵᠦ ᠪᠠᠢᠢᠪᠠ᠃ ᠲᠤᠰ ᠲᠡᠭᠦᠪᠦᠷᠷ ᠶᠢᠨ ᠵᠣᠬᠢᠶᠠᠯ ᠳᠤ ᠪᠣᠢ ᠪᠦᠬᠦᠢ ᠣᠨᠴᠠᠭᠠᠢ ᠨᠢᠭᠡ ᠰᠡᠳᠤᠪ ᠪᠣᠯ ᠬᠣᠵᠢᠮ ᠤᠨ ᠦᠶ ᠡ ᠳᠤ ᠬᠠᠷᠠᠭᠳᠠᠬᠤ ᠪᠠᠨ ᠪᠣᠯᠢᠭᠰᠠᠨ ᠤᠯᠠᠭᠠᠨᠬᠦᠦ ᠶᠢᠨ ᠲᠣᠬᠠᠢ ᠮᠠᠭᠲᠠᠭᠠᠯ ᠮᠦᠨ᠂ ᠡᠳᠡᠭᠡᠷ ᠰᠢᠯᠦᠭ ᠵᠣᠬᠢᠶᠠᠯ ᠪᠣᠯ ᠲᠣᠬᠠᠢ  ᠶᠢᠨ ᠦᠶ ᠡ  ᠳᠤ ᠮᠠᠦ ᠽᠧ ᠳ᠋ᠦᠩ ᠤᠨ ᠲᠤᠩᠬᠠᠭᠯᠠᠭᠰᠠᠨ《ᠡᠷᠬᠡ ᠲᠡᠭᠰᠢ ᠦᠪᠡᠷᠲᠡᠭᠡᠨ ᠵᠠᠰᠠᠬᠤ》ᠭᠡᠳᠡᠭ ᠵᠣᠷᠢᠯᠲᠠ ᠶᠢᠨ ᠲᠣᠣᠷ ᠠ ᠪᠣᠢ ᠪᠣᠯᠤᠭᠰᠠᠨ ᠶᠣᠮ᠃ ᠡᠳᠡᠭᠡᠷ ᠤᠯᠠᠭᠠᠨᠬᠦᠦ ᠶᠢᠨ ᠮᠠᠭᠲᠠᠭᠠᠯ ᠳᠤ ᠦᠪᠦᠷ ᠮᠣᠩᠭ᠋ᠤᠯ ᠤᠨ ᠦᠪᠡᠷᠲᠡᠭᠡᠨ ᠵᠠᠰᠠᠭᠰᠠᠨ ᠬᠣᠪᠢᠰᠬᠠᠯ ᠤᠨ ᠪᠡᠶ ᠡ ᠪᠠᠨ ᠲᠠᠭᠠᠭᠠᠭᠰᠠᠨ ᠰᠢᠨᠵᠢ ᠵᠢ ᠦᠨᠡᠯᠡᠨ ᠴᠣᠣᠷᠢᠶᠠᠳᠤᠭᠰᠠᠨ ᠰᠠᠨᠠᠭ᠋ ᠠ ᠠᠭᠤᠯᠤᠭᠳᠠᠭᠰᠠᠨ ᠪᠠᠢᠢᠨ᠌ ᠠ ᠭᠡᠵᠦ ᠲᠤᠰ ᠦᠭᠦᠯᠡᠯ ᠳᠤ ᠠᠵᠢᠭᠯᠠᠵᠤ ᠦᠭᠦᠯᠡᠪᠡ᠃
原文 查看原文
出自 内蒙古大学学报 2011年 第2期

联系我们


内蒙古大学图书馆
呼和浩特市大学西路235号
中国·内蒙古
P: (0471) 4992561
E: huangfeilong@imu.edu.cn