题名 |
ᠤᠯᠠᠮᠵᠢᠯᠠᠯᠲᠤ ᠯᠤᠬᠢᠭ ᠤᠨ ᠴᠢᠨᠠᠷ ᠪᠠᠢ᠌ᠢᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠢ ᠵᠠᠳᠠᠯᠬᠤ ᠨᠢ |
作者 |
ᠮᠡᠷᠬᠡᠨᠪᠠᠲᠤ; ᠺᠠᠢ ᠬᠤᠸᠠ |
关键词 |
ᠤᠯᠠᠮᠵᠢᠯᠠᠯᠲᠤ ᠯᠤᠬᠢᠭ; ᠰᠢᠭᠤᠳ ᠵᠦᠢᠴᠢᠯᠡᠯ ; ᠴᠢᠨᠠᠷ ᠪᠠᠢ᠌ᠷᠢ ᠰᠤᠯᠢᠬᠤ ᠠᠷᠭ᠎ᠠ |
摘要 |
ᠰᠢᠭᠤᠳ ᠵᠦᠢᠴᠢᠯᠡᠯ ᠪᠤᠯ ᠤᠯᠠᠮᠵᠢᠠᠯᠯᠳᠤ ᠯᠤᠬᠢᠭ ᠤᠨ ᠴᠢᠬᠤᠯᠠ ᠨᠢᠭᠡ ᠠᠭᠤᠯᠭ᠎ᠠ ᠮᠦᠨ ᠃ ᠬᠡᠯᠪᠠᠷᠢ ᠬᠤᠪᠢᠷᠭᠠᠬᠤ ᠠᠷᠭ᠎ᠠ ᠶᠢᠨ ᠰᠢᠭᠤᠳ ᠵᠦᠢᠴᠢᠯᠡᠯ ᠳᠤ ᠴᠢᠨᠠᠷ ᠰᠤᠯᠢᠬᠤ ᠠᠷᠭ᠎ᠠ ᠶᠢᠨ ᠰᠢᠭᠤᠳ ᠵᠦᠢᠴᠢᠯᠡᠯ᠂ ᠪᠠᠢ᠌ᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠪᠤᠯᠤᠨ ᠴᠢᠨᠠᠷ ᠪᠠᠢ᠌ᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠭᠡᠬᠦ ᠭᠤᠷᠪᠠᠨ ᠲᠦᠷᠦᠯ ᠪᠤᠢ ᠬᠡᠵᠦ ᠤᠯᠠᠩᠬᠢ ᠰᠤᠳᠤᠯᠤᠭᠴᠢᠳ ᠦᠵᠡᠳᠡᠭ᠃ ᠡᠭᠦᠨ ᠳᠤ ᠴᠢᠨᠠᠷ ᠪᠠᠢ᠌ᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠨᠢ ᠡᠮᠦᠨᠡᠬᠢ ᠬᠤᠶᠠᠷ ᠲᠦᠷᠦᠯ ᠤᠨ ᠰᠢᠭᠤᠳ ᠵᠦᠢᠴᠢᠯᠡᠯ ᠲᠠᠢ ᠬᠠᠷᠢᠴᠠᠭᠤᠯᠪᠠᠯ ᠬᠠᠷᠢᠴᠠᠩᠭ᠋ᠤᠢ ᠪᠠᠷ ᠪᠤᠳᠤᠯᠢᠶᠠᠨᠲᠠᠢ ᠮᠦᠷᠳᠡᠭᠡᠨ ᠨᠠᠷᠢᠨ ᠰᠢᠨᠵᠢᠯᠡᠪᠡᠯ ᠤᠨᠤᠯ ᠤᠨ ᠬᠤᠪᠢ ᠳᠤ ᠰᠢ᠌ᠳᠪᠦᠷᠢᠯᠡᠬᠦ ᠴᠢᠬᠤᠯᠠ ᠲᠠᠢ ᠬᠤᠶᠠᠷ ᠠᠰᠠᠭᠤᠳᠠᠯ ᠪᠤᠢ᠃ ᠡᠨᠡ ᠬᠦ ᠬᠤᠶᠠᠷ ᠠᠰᠠᠭᠤᠳᠠᠯ ᠢ ᠴᠢᠨᠠᠷ ᠪᠠᠢ᠌ᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠤᠨ ᠲᠤᠮᠢᠶᠠᠯᠠᠯ ᠪᠤᠯᠤᠨ ᠲᠦᠷᠢᠮ ᠢ ᠵᠠᠰᠠᠨ ᠦᠬᠡᠷᠡᠴᠢᠯᠡᠬᠦ ᠪᠤᠶᠤ ᠬᠡᠯᠪᠡᠷᠢ ᠬᠤᠪᠢᠷᠭᠠᠬᠤ ᠰᠢᠭᠤᠳ ᠵᠦᠢᠴᠢᠯᠡᠯ ᠤᠨ ᠲᠦᠷᠦᠯ ᠵᠦᠢᠯ ᠢ ᠬᠤᠪᠢᠶᠠᠬᠤ ᠡᠭᠦᠳᠡᠨ ᠡᠴᠡ ᠭᠠᠷᠳᠠᠵᠤ ᠰᠢ᠌ᠳᠪᠦᠷᠢᠯᠡᠪᠡᠯ ᠵᠤᠬᠢᠨ᠎ᠠ ᠭᠡᠵᠦ ᠵᠦᠪᠯᠡᠵᠦ ᠪᠤᠢ ᠃ |
原文 |
查看原文
|
出自 |
内蒙古社会科学(蒙文版)
2007年
第5期
|