摘要 |
ᠲᠤᠰ ᠦᠭᠦᠯᠡᠯ ᠳᠦ ᠂ ᠵᠤᠬᠢᠶᠠᠭᠴᠢ ᠠᠴᠠ ᠮᠣᠩ᠋ᠭᠤᠯᠴᠤᠳ ᠤᠨ ᠪᠠᠯᠠᠷᠯᠢᠭ ᠰᠢᠲᠦᠯᠭᠡ ᠶᠢᠨ ᠬᠦᠭ᠍ᠵᠢᠯᠲᠡ ᠶᠢᠨ ᠶᠠᠪᠤᠴᠠ ᠶᠢ ᠦᠩᠭᠡᠷᠡᠭᠰᠡᠨ ᠦ ᠳ᠋ᠦᠩᠨᠡᠯᠲᠡ ᠡᠴᠡ ᠦᠭᠡᠷ᠎ᠡ ᠪᠡᠷ ᠲᠠᠢ᠌ᠯᠪᠤᠷᠢᠯᠠᠬᠤ ᠶᠢ ᠵᠤᠷᠢᠵᠤ᠂ ᠲᠤᠬᠠᠢ᠌ᠯᠠᠪᠠᠯ ᠤᠷᠢᠳᠠᠪᠠᠷ ᠬᠦᠮᠦᠨ ᠪᠤᠰᠤᠴᠢᠯᠠᠨ ᠰᠢᠲᠦᠵᠦ ᠪᠠᠢ᠌ᠭᠰᠠᠨ ᠢᠶᠠᠨ ᠬᠦᠮᠦᠨᠴᠢᠯᠡᠨ ᠰᠢᠲᠦᠬᠦ ᠪᠤᠯᠤᠭᠰᠠᠨ᠂ ᠴᠢᠨᠠᠭᠰᠢᠲᠠ ᠰᠠᠬᠢᠭᠤᠯᠰᠤᠨᠴᠢᠯᠠᠬᠤ ᠬᠦᠳᠡᠯᠭᠡᠨ ᠡᠭᠦᠰᠦᠭᠰᠡᠨ ᠭᠡᠵᠦ ᠦᠵᠡᠭᠰᠡᠨ ᠪᠠᠢ᠌ᠨ᠎ᠠ᠃ ᠵᠤᠬᠢᠶᠠᠭᠴᠢ᠂ ᠮᠣᠩ᠋ᠭᠤᠯᠴᠤᠳ ᠤᠨ ᠪᠠᠯᠠᠷᠯᠢᠭ ᠰᠢᠲᠦᠯᠭᠡ ᠶᠢᠨ ᠬᠦᠮᠦᠨ ᠪᠤᠰᠤᠴᠢᠯᠠᠨ ᠰᠢᠲᠦᠬᠦ ᠡᠴᠡ ᠬᠦᠮᠦᠨᠴᠢᠯᠡᠨ ᠰᠢᠲᠦᠬᠦ ᠳᠦ ᠬᠦᠷᠦᠭᠰᠡᠨ ᠡᠨᠡᠬᠦ ᠶᠠᠪᠤᠴᠠ ᠶᠢᠨ ᠲᠤᠬᠠᠢ ᠭᠤᠤᠯᠳᠠᠭᠤ ᠳᠡᠯᠭᠡᠷᠡᠩᠭᠦᠢ ᠦᠭᠦᠯᠡᠨ᠂ ᠰᠠᠬᠢᠭᠤᠯᠰᠤᠨᠴᠢᠯᠠᠬᠤ ᠬᠦᠳᠡᠯᠭᠡᠭᠡᠨ ᠦ ᠮᠣᠩ᠋ᠭᠤᠯᠴᠤᠳ ᠤᠨ ᠳᠤᠮᠳᠠ ᠡᠭᠦᠰᠦᠭᠰᠡᠨ ᠶᠠᠪᠤᠴᠠ ᠶᠢᠨ ᠲᠤᠬᠠᠢ ᠦᠩᠭᠡᠷᠡᠭᠰᠡᠨ ᠳᠦ ᠣᠷᠤᠰᠢᠵᠤ ᠪᠠᠢ᠌ᠭᠰᠠᠨ ᠦᠵᠡᠯᠲᠡ ᠨᠦᠬᠦᠳ ᠡᠴᠡ ᠦᠭᠡᠷ᠎ᠡ ᠪᠡᠷ ᠦᠵᠡᠳᠡᠭ ᠢᠶᠡᠨ ᠭᠤᠤᠯᠳᠠᠭᠤ ᠪᠢᠴᠢᠵᠦ᠂ ᠡᠨᠡ ᠠᠭᠤᠯᠭ᠎ᠠ ᠲᠠᠢ ᠪᠠᠨ ᠬᠤᠯᠪᠤᠭᠳᠠᠭᠤᠯᠵᠤ᠂ ᠮᠣᠩ᠋ᠭᠤᠯᠴᠤᠳ ᠤᠨ ᠳᠤᠮᠳᠠᠬᠢ ᠵᠠᠷᠢᠮ ᠦᠪᠡᠷᠮᠢᠴᠡ ᠵᠠᠩᠰᠢᠯ ᠰᠢᠲᠦᠯᠭᠡ ᠶᠢᠨ ᠤᠴᠢᠷ ᠲᠤ ᠰᠢᠨ᠎ᠡ ᠳ᠋ᠦᠩᠨᠡᠯᠲᠡ ᠦᠭ᠍ᠬᠦ ᠭᠡᠵᠦ ᠴᠢᠷᠮᠠᠢ᠌ᠵᠠᠢ᠃ |