论文信息


题名 ᠪᠠᠭᠠᠷᠢᠨ ᠤ ᠰᠡᠴᠡᠨ ᠡᠷᠬᠢᠮ ᠭᠦᠩᠵᠦ ᠶᠢᠨ ᠲᠤᠬᠠᠢ ᠦᠭᠦᠯᠡᠬᠦ ᠨᠢ
作者 ᠪᠠᠢ ᠴᠦ᠋ ᠢ
关键词 ᠰᠡᠴᠡᠨ ᠡᠷᠬᠢᠮ ᠭᠦᠩᠵᠦ; ᠪᠠᠭᠠᠷᠢᠨ ᠪᠠᠷᠠᠭᠤᠨ ᠬᠤᠰᠢᠭᠤ; ᠤᠷᠤᠭ ᠤᠨ ᠬᠠᠷᠢᠴᠠᠭ᠎ᠠ; ᠪᠤᠷᠬᠠᠨ ᠱᠠᠰᠢᠨ; ᠬᠩᠭᠢᠷᠠᠳ ᠠᠷᠪᠠᠨ ᠰᠤᠮᠤ
摘要 ᠪᠠᠭᠠᠷᠢᠨ ᠤ ᠰᠡᠴᠡᠨ ᠡᠷᠬᠢᠮ ᠭᠦᠩᠵᠦ ᠶᠢᠨ ᠲᠤᠬᠠᠢ ᠰᠤᠳᠤᠯᠤᠯ ᠨᠢ ᠴᠢᠩ ᠤᠯᠤᠰ ᠤᠨ ᠦᠶ᠎ᠡ ᠶᠢᠨ ᠮᠠᠨᠵᠤ ᠮᠣᠩᠭᠤᠯ ᠤᠨ ᠤᠷᠤᠭ ᠤᠨ ᠬᠠᠷᠢᠴᠠᠭᠠᠨ ᠤ ᠰᠤᠳᠤᠯᠤᠯ᠂ ᠦᠨᠳᠦᠰᠦᠲᠡᠨ ᠦ ᠬᠠᠷᠢᠴᠠᠭᠠᠨ ᠤ ᠰᠤᠳᠤᠯᠤᠯ ᠪᠠ ᠳᠤᠲᠤᠷ ᠣᠷᠤᠨ ᠬᠢᠭᠡᠳ ᠮᠣᠩᠭᠤᠯ ᠣᠷᠤᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠬᠠᠷᠢᠴᠠᠭ᠎ᠠ ᠵᠡᠷᠭᠡ ᠣᠯᠠᠨ ᠲᠠᠯ᠎ᠠ ᠶᠢᠨ ᠰᠤᠳᠤᠯᠤᠯ ᠲᠠᠢ ᠬᠤᠯᠪᠤᠭᠳᠠᠨ᠎ᠠ᠃ ᠮᠦᠨ ᠴᠦ ᠣᠳᠤᠬᠠᠨ ᠤ ᠤᠯᠠᠭᠠᠨᠬᠠᠳᠠ ᠣᠷᠤᠨ ᠤ ᠣᠷᠤᠨ ᠨᠤᠲᠤᠭ ᠤᠨ ᠲᠡᠦᠬᠡ ᠰᠤᠶᠤᠯ ᠤᠨ ᠰᠤᠳᠤᠯᠤᠯ ᠤᠨ ᠴᠢᠬᠤᠯᠠ ᠠᠭᠤᠯᠭ᠎ᠠ ᠪᠤᠯᠤᠨ᠎ᠠ᠃ ᠪᠠᠭᠠᠷᠢᠨ ᠤ ᠰᠡᠴᠡᠨ ᠡᠷᠬᠢᠮ ᠭᠦᠩᠵᠦ ᠶᠢᠨ ᠭᠡᠷ ᠦᠨ ᠭᠠᠷᠤᠯ᠂ ᠤᠷᠤᠭ ᠬᠤᠷᠢᠮ᠂ ᠮᠡᠨᠳᠦᠯᠡᠭᠰᠡᠨ ᠡᠳᠦᠷ ᠪᠡ ᠬᠠᠯᠢᠭᠰᠠᠨ ᠣᠨ ᠰᠠᠷ᠎ᠠ ᠶᠢᠨ ᠲᠤᠬᠠᠢ ᠡᠷᠳᠡᠮᠲᠡᠳ ᠦᠨ ᠦᠵᠡᠯᠲᠡ ᠨᠢᠭᠡᠲᠦᠯ ᠦᠭᠡᠢ ᠪᠠᠢᠭᠰᠠᠭᠠᠷ᠃ ᠰᠡᠴᠡᠨ ᠡᠷᠬᠢᠮ ᠭᠦᠩᠵᠦ ᠪᠠᠭᠠᠷᠢᠨ ᠨᠤᠲᠤᠭ ᠲᠤ᠂ ᠣᠨᠴᠠᠭᠠᠢᠯᠠᠨ ᠪᠤᠷᠬᠠᠨ ᠱᠠᠰᠢᠨ ᠢ ᠳᠡᠯᠭᠡᠷᠡᠭᠦᠯᠬᠦ ᠪᠡ ᠬᠤᠩᠭᠢᠷᠠᠳ ᠠᠷᠪᠠᠨ ᠰᠤᠮᠤ ᠶᠢᠨ ᠮᠣᠩᠭᠤᠯᠴᠤᠳ ᠢ ᠬᠠᠮᠠᠭᠠᠯᠠᠬᠤ ᠳᠤ ᠭᠠᠪᠢᠶ᠎ᠠ ᠵᠢᠳᠭᠦᠯ ᠦᠵᠡᠭᠦᠯᠦᠭᠰᠡᠨ ᠪᠠᠢᠨ᠎ᠠ᠃
原文 查看原文
出自 中国蒙古学 2015年 第4期

联系我们


内蒙古大学图书馆
呼和浩特市大学西路235号
中国·内蒙古
P: (0471) 4992561
E: huangfeilong@imu.edu.cn