题名 |
ᠺᠢᠨᠤ᠋ ᠶᠢᠨ ᠨᠡᠷ ᠡ ᠶᠢᠨ ᠮᠣᠩᠭ᠋ᠤᠯ ᠬᠢᠲᠠᠳ ᠣᠷᠴᠢᠭᠤᠯᠭ᠋ ᠠ ᠶᠢᠨ ᠲᠣᠬᠠᠢ ᠰᠢᠨᠵᠢᠯᠡᠯ |
作者 |
ᠨᠠᠬᠢᠶ ᠠ |
关键词 |
ᠺᠢᠨᠤ᠋ ᠶᠢᠨ ᠨᠡᠷ ᠡ; ᠣᠷᠴᠢᠭᠤᠯᠬᠤ ᠠᠷᠭ᠋ ᠠ; ᠣᠷᠴᠢᠭᠤᠯᠬᠤ ᠵᠠᠷᠴᠢᠮ |
摘要 |
ᠺᠢᠨᠤ᠋ ᠶᠢᠨ ᠨᠡᠷ ᠡ ᠶᠢᠨ ᠣᠷᠴᠢᠭᠤᠯᠭ᠋ ᠠ ᠳᠤ ᠦᠨᠳᠦᠰᠦᠲᠡᠨ ᠤ ᠰᠣᠶᠣᠯ ᠤᠯᠠᠮᠵᠢᠯᠠᠯ᠂ ᠨᠡᠢᠢᠭᠡᠮ ᠤᠨ ᠠᠬᠤᠢ᠂ ᠬᠡᠯᠡ ᠵᠦᠢ ᠶᠢᠨ ᠣᠨᠴᠠᠯᠢᠭ ᠵᠡᠷᠭᠡ ᠣᠯᠠᠨ ᠵᠦᠢᠯ ᠲᠠᠢ ᠬᠣᠯᠪᠤᠭᠳᠠᠳᠠᠭ᠃ ᠺᠢᠨᠤ᠋ ᠨᠡᠷ ᠡ ᠶᠢᠨ ᠣᠷᠴᠢᠭᠤᠯᠭ᠋ ᠠ ᠳᠤ ᠭᠣᠣᠯᠳᠠᠭᠤ ᠰᠢᠭᠤᠳ ᠣᠷᠴᠢᠭᠤᠯᠬᠤ᠂ ᠤᠳᠬᠠᠴᠢᠯᠠᠨ ᠣᠷᠴᠢᠭᠤᠯᠬᠤ᠂ ᠠᠪᠢᠶᠠᠴᠢᠯᠠᠨ ᠣᠷᠴᠢᠭᠤᠯᠬᠤ ᠵᠡᠷᠭᠡ ᠠᠷᠭ᠋ ᠠ ᠪᠠᠢᠢᠳᠠᠭ᠃ ᠺᠢᠨᠤ᠋ ᠶᠢᠨ ᠨᠡᠷ ᠡ ᠨᠢ ᠺᠢᠨᠤ᠋ ᠶᠢᠨ ᠰᠦᠨᠡᠰᠦ ᠪᠣᠯᠤᠭᠰᠠᠨ ᠤ ᠬᠣᠪᠢ ᠳᠤ᠂ ᠬᠣᠶᠠᠷ ᠬᠡᠯᠡᠨ ᠤ ᠲᠤᠮᠳᠠ ᠵᠠᠭᠤᠴᠢᠯᠠᠬᠤ ᠳᠠᠭᠠᠨ ᠤᠷᠠᠨ ᠵᠣᠬᠢᠶᠠᠯ ᠤᠨ ᠣᠷᠴᠢᠭᠤᠯᠭ᠋ ᠠ ᠡᠴᠡ ᠢᠯᠭᠠᠭᠳᠠᠬᠤ ᠦᠪᠡᠷᠮᠢᠴᠡ ᠣᠨᠴᠠᠯᠢᠭ ᠲᠠᠢ᠃ ᠺᠢᠨᠤ᠋ ᠨᠢ ᠬᠦᠮᠦᠰ ᠲᠤ ᠦᠵᠡᠯ ᠰᠠᠨᠠᠭᠠᠨ ᠤ ᠰᠡᠳᠦᠯᠲᠡ ᠡᠴᠡ ᠭᠠᠳᠠᠨ᠌ ᠠ ᠪᠠᠰᠠ ᠰᠡᠷᠡᠨ ᠤᠨ ᠰᠡᠳᠦᠯᠲᠡ ᠦᠭᠴᠦ ᠴᠢᠳᠠᠳᠠᠭ᠃ ᠲᠤᠰ ᠦᠭᠦᠯᠡᠯ ᠳᠤ ᠺᠢᠨᠤ᠋ ᠶᠢᠨ ᠲᠡᠭᠡᠳᠤ ᠬᠡᠮᠵᠢᠶᠡᠨ ᠤ ᠬᠤᠷᠢᠶᠠᠩᠭ᠋ᠤᠢ ᠴᠢᠨᠠᠷ ᠲᠤ ᠴᠢᠭᠯᠡᠭᠦᠯᠦᠨ᠂ ᠣᠷᠴᠢᠭᠤᠯᠭ᠋ ᠠ ᠶᠢᠨ ᠣᠨᠤᠯ ᠤᠨ ᠦᠨᠳᠦᠰᠦᠨ ᠠᠷᠭ᠋ ᠠ ᠵᠢ ᠪᠣᠳᠠᠳᠤ ᠵᠢᠱᠢᠶ ᠡ ᠲᠠᠢ ᠤᠶᠠᠯᠳᠤᠭᠤᠯᠤᠨ ᠺᠢᠨᠤ᠋ ᠶᠢᠨ ᠨᠡᠷ ᠡ ᠶᠢᠨ ᠮᠣᠩᠭ᠋ᠤᠯ ᠬᠢᠲᠠᠳ ᠣᠷᠴᠢᠭᠤᠯᠭ᠋ ᠠ ᠶᠢᠨ ᠲᠣᠬᠠᠢ ᠲᠦᠭᠦᠮ ᠦᠭᠦᠯᠡᠨ᠌ ᠡ᠃ |
原文 |
查看原文
|
出自 |
中国蒙古学
2011年
第4期
|