摘要 |
ᠬᠤᠪᠢᠯᠠᠢ ᠬᠠᠭᠠᠨ ᠲᠦᠪ ᠲᠦ ᠲᠦᠪᠯᠡᠷᠡᠭᠦᠯᠦᠨ ᠵᠠᠬᠢᠷᠬᠤ ᠡᠷᠬᠡ ᠪᠡᠨ ᠪᠠᠲᠤᠯᠠᠭᠰᠠᠨ ᠤᠷᠢᠳᠠᠯ ᠳᠤᠤᠷ᠎ᠠ᠂ ᠮᠣᠩᠭᠤᠯ᠂ ᠬᠢᠲᠠᠳ᠂ ᠣᠢᠭᠤᠷ᠂ ᠲᠦᠪᠡᠳ ᠵᠡᠷᠭᠡ ᠣᠯᠠᠨ ᠦᠨᠳᠦᠰᠦᠲᠡᠨ ᠲᠡᠢ ᠤᠯᠤᠰ ᠤᠨ ᠳᠤᠲᠤᠷ᠎ᠠ᠂ 《ᠲᠤᠰ ᠲᠤᠰ ᠤᠨ ᠵᠠᠩ ᠳᠠᠳᠬᠠᠯ ᠢ ᠨᠢ ᠳᠠᠭᠠᠭᠤᠯᠬᠤ》 ᠬᠡᠮᠡᠬᠦ ᠦᠨᠳᠦᠰᠦᠲᠡᠨ ᠦ ᠤᠷᠠᠳ ᠬᠤᠪᠢᠶᠠᠵᠤ ᠵᠠᠰᠠᠬᠤ ᠬᠠᠤᠯᠢ ᠶᠢᠨ ᠲᠦᠷᠦ ᠶᠢᠨ ᠪᠤᠳᠤᠯᠭ᠎ᠠ ᠬᠡᠷᠡᠭᠵᠢᠭᠦᠯᠦᠭᠰᠡᠨ ᠪᠠᠢᠨ᠎ᠠ᠃ ᠮᠣᠩᠭᠤᠯ ᠣᠷᠤᠨ ᠳᠤ᠂ ᠴᠢᠩᠭᠢᠰ ᠬᠠᠭᠠᠨ ᠤ 《ᠶᠡᠬᠡ ᠵᠠᠰᠠᠭ》 ᠪᠤᠯᠤᠨ ᠤᠯᠠᠮᠵᠢᠯᠠᠯᠲᠤ ᠬᠡᠪ ᠬᠠᠤᠯᠢ (ᠪᠠᠰᠠ ᠵᠠᠩᠰᠢᠯ ᠤᠨ ᠬᠠᠤᠯᠢ ᠭᠡᠳᠡᠭ) ᠶᠢ ᠬᠡᠷᠡᠭᠵᠢᠭᠦᠯᠦᠨ᠂ ᠬᠢᠲᠠᠳ ᠣᠷᠤᠨ ᠳᠤ ᠪᠢᠴᠢᠭ ᠦᠨ ᠰᠤᠷᠭᠠᠯ ᠢᠶᠠᠷ ᠲᠦᠷᠦ ᠶᠢ ᠵᠠᠰᠠᠬᠤ ᠶᠢᠨ ᠦᠨᠳᠦᠰᠦ ᠪᠤᠯᠭᠠᠨ᠂ 《ᠳᠡᠭᠡᠳᠦᠰ ᠦᠨ ᠶᠤᠰᠤ ᠳᠦᠷᠢᠮ ᠢ ᠳᠠᠭᠤᠷᠢᠶᠠᠨ᠂ ᠴᠠᠭ ᠤᠨ ᠪᠠᠢᠳᠠᠯ ᠳᠤ ᠲᠤᠬᠢᠷᠠᠭᠤᠯᠤᠨ ᠬᠤᠪᠢᠷᠠᠭᠤᠯᠬᠤ》 ᠪᠠᠷ ᠶᠡᠷᠦᠩᠬᠡᠢ ᠵᠠᠷᠴᠢᠮ ᠪᠤᠯᠭᠠᠨ᠂ 《ᠬᠢᠲᠠᠳ ᠤᠨ ᠬᠠᠤᠯᠢ ᠶᠢ ᠳᠠᠭᠠᠯᠳᠤᠭᠤᠯᠬᠤ》 ᠪᠠᠷ ᠭᠤᠤᠯ ᠣᠨᠴᠠᠯᠢᠭ ᠪᠤᠯᠭᠠᠭᠰᠠᠨ ᠤᠯᠤᠰ ᠢ ᠵᠠᠰᠠᠬᠤ ᠠᠷᠭ᠎ᠠ ᠪᠤᠳᠤᠯᠭ᠎ᠠ ᠶᠢ ᠬᠡᠷᠡᠭᠵᠢᠭᠦᠯᠦᠨ᠂ ᠲᠦᠪᠡᠳ ᠣᠷᠤᠨ ᠳᠤ ᠬᠠᠷᠢᠨ ᠱᠠᠰᠢᠨ ᠲᠦᠷᠦ ᠬᠤᠶᠠᠷ ᠶᠤᠰᠤᠨ ᠢ ᠲᠡᠭᠰᠢᠲᠡ ᠶᠠᠪᠤᠭᠤᠯᠬᠤ ᠪᠠᠢᠭᠤᠯᠤᠯ ᠤᠨ ᠳᠤᠤᠷ᠎ᠠ᠂ ᠵᠠᠩᠰᠢᠯ ᠳᠤ ᠨᠢ ᠳᠠᠭᠠᠷᠠᠭᠤᠯᠤᠨ ᠢᠯᠪᠢᠨ ᠳᠠᠭᠠᠭᠤᠯᠬᠤ ᠬᠠᠤᠯᠢ ᠶᠢᠨ ᠦᠵᠡᠯ ᠰᠠᠨᠠᠭ᠎ᠠ ᠶᠢ ᠬᠡᠷᠡᠭᠵᠢᠭᠦᠯᠵᠡᠢ᠃ ᠬᠤᠪᠢᠯᠠᠢ ᠬᠠᠭᠠᠨ ᠤ ᠡᠢᠮᠦᠷᠬᠦᠦ ᠣᠯᠠᠨ ᠡᠰᠢᠴᠢᠯᠡᠭᠰᠡᠨ ᠬᠠᠤᠯᠢ ᠶᠢᠨ ᠦᠵᠡᠯ ᠰᠠᠨᠠᠭ᠎ᠠ ᠨᠢ ᠶᠤᠸᠠᠨ ᠤᠯᠤᠰ ᠤᠨ ᠨᠢᠭᠡᠲᠦᠭᠰᠡᠨ ᠣᠯᠠᠨ ᠦᠨᠳᠦᠰᠦᠲᠡᠨ ᠲᠡᠢ ᠤᠯᠤᠰ ᠤᠨ ᠨᠡᠢᠭᠡᠮ ᠦᠨ ᠠᠮᠤᠷ ᠲᠤᠭᠲᠠᠭᠤᠨ ᠢ ᠪᠡᠬᠢᠭᠵᠢᠭᠦᠯᠦᠨ ᠬᠠᠮᠠᠭᠠᠯᠠᠬᠤ ᠳᠤ ᠴᠢᠬᠤᠯᠠ ᠦᠢᠯᠡᠳᠦᠯ ᠦᠵᠡᠭᠦᠯᠦᠭᠰᠡᠨ ᠪᠠᠢᠨ᠎ᠠ᠃ |